ᠳᠣᠷᠣᠨᠠᠲᠤ ᠠᠶᠢᠮᠠᠭ ᠠᠴᠠ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠮᠠᠨᠵᠤᠤᠷ ᠬᠣᠲᠠ ᠶᠢᠨ ᠴᠢᠭᠯᠡᠯ ᠳᠦ ᠤᠯᠤᠰ ᠬᠣᠭᠣᠷᠣᠨᠳᠣ ᠶᠢᠨ ᠵᠣᠷᠴᠢᠭᠴᠢ ᠲᠡᠭᠡᠭᠡᠪᠦᠷᠢᠯᠡᠯᠲᠡ ᠲᠣᠳᠣᠷᠬᠠᠢ ᠬᠤᠭᠤᠴᠠᠭ᠎ᠠ ᠪᠠᠷ ᠵᠣᠭᠰᠣᠭᠠᠳ ᠪᠠᠶᠢᠭᠰᠠᠨ ᠪᠣᠯ ᠥᠴᠥᠭᠡᠳᠦᠷ ᠡᠴᠡ ᠳᠣᠷᠣᠨᠠᠲᠤ-ᠮᠠᠨᠵᠤᠤᠷ-ᠳᠣᠷᠣᠨᠠᠲᠤ ᠴᠢᠭᠯᠡᠯ ᠦᠨ ᠵᠣᠷᠴᠢᠭᠴᠢ ᠲᠡᠭᠡᠭᠡᠪᠦᠷᠢ ᠶᠢᠨ ᠠᠦ᠋ᠲ᠋ᠣᠪᠦ᠋ᠰ ᠦᠢᠯᠡᠴᠢᠯᠡᠵᠦ ᠡᠬᠢᠯᠡᠯ᠎ᠡ ᠃ ᠲᠤᠰ ᠴᠢᠭᠯᠡᠯ ᠳᠦ ᠮᠣᠩᠭᠣᠯ ᠤᠯᠤᠰ ᠤᠨ ᠲᠠᠯ᠎ᠠ ᠠᠴᠠ ︽ᠲᠠᠯ᠎ᠠ ᠨᠤᠲᠤᠭ ᠤᠨ ᠬᠡᠷᠦᠯᠦᠨ︾ ᠂ ︽ᠮᠣᠩᠭᠣᠯ ᠠᠶᠠᠯᠠᠯ︾ ᠺᠤᠮᠫᠠᠨᠢ ᠨᠤᠭᠤᠳ ᠳᠣᠷᠣᠨᠠᠲᠤ ᠠᠶᠢᠮᠠᠭ ᠤᠨ ᠠᠦ᠋ᠲ᠋ᠣ᠋ ᠲᠡᠭᠡᠭᠡᠪᠦᠷᠢ ᠶᠢᠨ ᠲᠥᠪ ᠲᠡᠢ ᠭᠡᠷ᠎ᠡ ᠪᠠᠶᠢᠭᠤᠯᠤᠨ᠂ ᠵᠣᠷᠴᠢᠭᠴᠢ ᠲᠡᠭᠡᠭᠡᠪᠦᠷᠢᠯᠡᠵᠦ ᠪᠠᠶᠢᠨ᠎ᠠ᠃ ᠬᠤᠪᠢᠶᠠᠷᠢ ᠶᠢᠨ ᠳᠠᠭᠠᠤ ᠳᠠᠸᠠ-ᠪᠠᠰᠠᠩ ᠭᠠᠷᠠᠭ ᠲᠤ ᠲᠣᠭᠲᠠᠮᠠᠯ ᠥᠷᠯᠥᠭᠡ 07᠄30 ᠴᠠᠭ ᠠᠴᠠ ᠠᠦ᠋ᠲ᠋ᠣ᠋ ᠲᠡᠭᠡᠭᠡᠪᠦᠷᠢ ᠶᠢᠨ ᠲᠥᠪ ᠡᠴᠡ ᠬᠥᠳᠡᠯᠬᠦ ᠪᠥᠭᠡᠳ ᠦᠨ᠎ᠡ ᠶᠢᠨ ᠬᠤᠪᠢ ᠳᠤ ᠨᠢᠭᠡ ᠲᠠᠯ᠎ᠠ ᠳᠤ ᠪᠠᠨ 48800 ᠲᠥᠭᠥᠷᠢᠭ ᠢᠶᠡᠷ ᠦᠢᠯᠡᠴᠢᠯᠡᠬᠦ ᠶᠤᠮ᠃