ᠠᠷᠠᠳᠴᠢᠯᠠᠭᠰᠠᠨ ᠡᠮᠡᠭᠲᠡᠶᠢᠴᠦᠳ ᠦᠨ ᠬᠣᠯᠪᠣᠭ᠎ᠠ ᠪᠦᠬᠦ ᠱᠠᠲᠤᠨ ᠤ ᠲᠡᠷᠢᠭᠦᠨ ᠢᠶᠡᠨ ᠰᠤᠩᠭᠤᠬᠤ ᠰᠣᠩᠭᠣᠭᠤᠯᠢ ᠶᠢ ᠶᠠᠪᠤᠭᠤᠯᠵᠤ ᠳ᠋ᠦᠩ ᠢᠶᠡᠨ ᠭᠠᠷᠠᠭᠠᠵᠤ ᠂ ᠪᠠᠶᠠᠩᠭᠤᠤᠯ ᠳᠡᠭᠦᠷᠭᠡ ᠶᠢᠨ ᠵᠠᠰᠠᠭ ᠳᠠᠷᠤᠭ᠎ᠠ ᠰ∙ᠣᠳᠣᠨᠲᠤᠶᠠᠭ᠎ᠠ ᠮᠤᠩᠭᠤᠯ ᠤᠨ ᠠᠷᠠᠳᠴᠢᠯᠠᠭᠰᠠᠨ ᠡᠮᠡᠭᠲᠡᠶᠢᠴᠦᠳ ᠦᠨ ᠬᠣᠯᠪᠣᠭᠠᠶᠢᠨ ᠲᠡᠷᠢᠭᠦᠨ ᠢᠶᠡᠷ ᠤᠯᠠᠷᠢᠨ ᠰᠣᠩᠭᠣᠭᠳᠠᠵᠠᠢ᠃ ᠨᠡᠶᠢᠰᠯᠡᠯ ᠦᠨ ᠠᠷᠠᠳᠴᠢᠯᠠᠭᠰᠠᠨ ᠡᠮᠡᠭᠲᠡᠶᠢᠴᠦᠳ ᠦᠨ ᠬᠣᠯᠪᠣᠭ᠎ᠠ ᠶᠢᠨ ᠲᠡᠷᠢᠭᠦᠨ ᠢᠶᠡᠷ ᠪ∙ ᠫᠤᠩᠰᠤᠯᠮᠠ ᠰᠣᠩᠭᠣᠭᠳᠠᠭᠰᠠᠨ ᠪᠠᠶᠢᠨ᠎ᠠ᠃
ᠠᠷᠠᠳᠴᠢᠯᠠᠭᠰᠠᠨ ᠡᠮᠡᠭᠲᠡᠶᠢᠴᠦᠳ ︽ᠰᠡᠳᠬᠢᠯ ᠦᠨ ᠬᠦᠴᠦ︾ ᠤᠷᠢᠶᠠᠨ ᠳᠣᠣᠷ᠎ᠠ ᠨᠢᠭᠡᠳᠦᠨ᠂ ᠨᠢᠭᠡ ᠰᠠᠷ᠎ᠠ ᠶᠢᠨ ᠲᠤᠷᠰᠢ ᠮᠣᠩᠭᠣᠯ ᠣᠷᠣᠨ ᠤ 21 ᠠᠶᠢᠮᠠᠭ᠂ ᠨᠡᠶᠢᠰᠯᠡᠯ ᠦᠨ ᠶᠢᠰᠦᠨ ᠳᠡᠭᠦᠷᠭᠡ ᠪᠡᠷ ᠥᠷᠲᠡᠭᠡᠯᠡᠨ ᠠᠵᠢᠯᠯᠠᠭᠰᠠᠨ ᠪᠠᠶᠢᠨ᠎ᠠ᠃ ᠲᠡᠳᠡ ᠨᠡᠶᠢᠲᠡ 20 ᠭᠠᠷᠤᠢ ᠮᠢᠩᠭᠠᠨ ᠺᠢᠯᠤᠮᠸᠲᠷ ᠵᠠᠮ ᠲᠤᠭᠤᠯᠵᠤ᠂ 30 ᠮᠢᠩᠭᠠᠨ ᠡᠮᠡᠭᠲᠡᠢ ᠶᠢᠨ ᠳᠠᠭᠤᠤ ᠬᠣᠭᠣᠯᠠᠢ ᠶᠢ ︽ᠰᠡᠳᠬᠢᠯ ᠦᠨ ᠬᠦᠴᠦ︾ ᠠᠶᠠᠨ ᠳᠤ ᠨᠢᠭᠡᠳᠬᠡᠵᠦ᠂ ᠰᠠᠨᠠᠯ ᠪᠣᠳᠣᠯ ᠢ ᠨᠢ ᠰᠣᠨᠣᠰᠴᠠᠢ᠃ ᠠᠵᠢᠯ ᠦᠭᠡᠶᠢᠳᠡᠯ᠂ ᠶᠠᠳᠠᠭᠤᠷᠠᠯ᠂ 40 ᠍ ᠡᠴᠡ ᠳᠡᠭᠡᠭᠰᠢ ᠨᠠᠰᠤᠨ ᠤ ᠬᠢᠨ ᠤ ᠬᠥᠳᠡᠯᠮᠦᠷᠢ ᠡᠷᠬᠢᠯᠡᠯᠲᠡ ᠶᠢᠨ ᠪᠠᠶᠢᠳᠠᠯ᠂ ᠭᠡᠷ ᠪᠦᠯᠢ ᠶᠢᠨ ᠬᠦᠴᠦᠷᠬᠡᠶᠢᠯᠡᠯ᠂ ᠪᠠᠶᠢᠭᠠᠯᠢ ᠣᠷᠴᠢᠨ ᠤ ᠠᠰᠠᠭᠤᠳᠠᠯ᠂ ᠥᠰᠪᠦᠷᠢ ᠨᠠᠰᠤᠨ ᠤ ᠦᠬᠢᠳ ᠤᠨ ᠵᠢᠷᠮᠦᠰᠦᠯᠡᠯᠲᠡ ᠵᠡᠷᠭᠡ ᠣᠯᠠᠨ ᠠᠰᠠᠭᠤᠳᠠᠯ ᠢ ᠠᠭᠤᠯᠵᠠᠯᠲᠠ ᠶᠢᠨ ᠦᠶ᠎ᠡ ᠪᠡᠷ ᠡᠮᠡᠭᠲᠡᠶᠢᠴᠦᠳ ᠬᠥᠨᠳᠡᠭᠰᠡᠨ ᠪᠠᠶᠢᠨ᠎ᠠ᠃ ᠡᠮᠡᠭᠲᠡᠶᠢᠴᠦᠳ ᠦᠨ ᠬᠥᠨᠳᠡᠭᠰᠡᠨ ᠠᠰᠠᠭᠤᠳᠠᠯ᠂ ᠳᠡᠪᠰᠢᠭᠦᠯᠦᠭᠰᠡᠨ ᠰᠠᠨᠠᠯ ᠰᠠᠨᠠᠭᠠᠴᠢᠯᠠᠭ᠎ᠠ ᠶᠢ ᠠᠷᠠᠳᠴᠢᠯᠠᠭᠰᠠᠨ ᠨᠠᠮ ᠤᠨ ᠳᠡᠷᠭᠡᠳᠡᠬᠢ ᠪᠣᠳᠣᠯᠭ᠎ᠠ ᠶᠢᠨ ᠵᠥᠪᠯᠡᠯ ᠳᠦ ᠬᠦᠷᠭᠡᠭᠦᠯᠵᠦ᠂ ᠮᠥᠷ ᠦᠨ ᠬᠥᠲᠥᠯᠪᠦᠷᠢ ᠳᠦ ᠲᠤᠰᠬᠠᠭᠤᠯᠤᠨ᠂ ᠠᠵᠢᠯ ᠬᠡᠷᠡᠭ ᠪᠣᠯᠭᠠᠬᠤ ᠶᠢᠨ ᠲᠥᠯᠥᠭᠡ ᠡᠪ ᠨᠢᠭᠡᠳᠦᠯ ᠢ ᠬᠠᠩᠭᠠᠨ ᠠᠵᠢᠯᠯᠠᠬᠤ ᠪᠠᠨ ᠰ∙ᠣᠳᠣᠨᠲᠤᠶᠠᠭ᠎ᠠ᠂ ᠪ∙ᠫᠤᠩᠰᠤᠯᠮᠠ ᠨᠠᠷ ᠢᠯᠡᠷᠬᠡᠶᠢᠯᠡᠯ᠎ᠡ᠃ ᠲᠡᠭᠦᠨᠴᠢᠯᠡᠨ ᠠᠷᠠᠳᠴᠢᠯᠠᠭᠰᠠᠨ ᠡᠮᠡᠭᠲᠡᠶᠢᠴᠦᠳ ᠨᠠᠮ ᠢᠶᠠᠷ ᠬᠢᠵᠠᠭᠠᠷᠯᠠᠭᠳᠠᠬᠤ ᠦᠭᠡᠢ ᠪᠡᠷ ᠮᠣᠩᠭᠣᠯ ᠤᠯᠤᠰ ᠤᠨ ᠨᠡᠶᠢᠲᠡ ᠥᠬᠢᠳ᠂ ᠪᠦᠰᠡᠭᠦᠶᠢᠴᠦᠳ ᠦᠨ ᠲᠥᠯᠥᠭᠡ ᠠᠵᠢᠯᠯᠠᠬᠤ ᠪᠠᠨ ᠢᠯᠡᠷᠬᠡᠶᠢᠯᠡᠵᠡᠢ᠃