ᠬᠥᠭᠵᠢᠮ ᠦᠨ ᠪᠦᠲᠦᠭᠡᠯ ᠢ ᠤᠯᠤᠰ ᠬᠤᠳᠠᠯᠳᠤᠨ ᠠᠪᠤᠨ᠎ᠠ | News.MN

ᠬᠥᠭᠵᠢᠮ ᠦᠨ ᠪᠦᠲᠦᠭᠡᠯ ᠢ ᠤᠯᠤᠰ ᠬᠤᠳᠠᠯᠳᠤᠨ ᠠᠪᠤᠨ᠎ᠠ

ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ ᠰᠤᠶᠤᠯ ᠤᠷᠠᠯᠢᠭ ᠤᠨ ᠭᠠᠵᠠᠷ ᠠᠴᠠ 2018 ᠣᠨ ᠳᠤ ᠤᠯᠤᠰ ᠤᠨ ᠰᠠᠩ ᠳᠤ ᠬᠤᠳᠠᠯᠳᠤᠨ ᠠᠪᠬᠤ ᠬᠥᠭᠵᠢᠮ ᠦᠨ ᠲᠣᠮᠣ ᠬᠡᠯᠪᠡᠷᠢ ᠶᠢᠨ ᠰᠢᠯᠢᠳᠡᠭ ᠪᠦᠲᠦᠭᠡᠯ ᠦᠳ ᠢ ᠲᠣᠳᠣᠷᠠᠭᠤᠯᠬᠤ ᠦᠢᠯᠡ ᠠᠵᠢᠯᠯᠠᠭ᠎ᠠ ᠶᠢ ᠮᠣᠩᠭᠣᠯ ᠤᠨ ᠬᠥᠭᠵᠢᠮ ᠦᠨ ᠵᠣᠬᠢᠶᠠᠯᠴᠢᠳ ᠤᠨ ᠬᠣᠯᠪᠣᠭ᠎ᠠ ᠲᠠᠢ ᠬᠠᠮᠲᠤᠷᠠᠨ ᠡᠨᠡ ᠰᠠᠷ᠎ᠠ ᠶᠢᠨ 01-30 ᠍ ᠳᠦ ᠵᠣᠬᠢᠶᠠᠨ ᠪᠠᠶᠢᠭᠤᠯᠤᠯ᠎ᠠ᠃
ᠤᠭ ᠰᠢᠯᠭᠠᠷᠠᠭᠤᠯᠤᠯᠲᠠ ᠳᠤ ᠨᠡᠶᠢᠲᠡ 12 ᠪᠦᠲᠦᠭᠡᠯ  ᠠᠴᠠ ᠨ∙ᠵᠠᠩᠴᠠᠨᠨᠤᠷᠪᠤ ᠶᠢᠨ ︽ᠶᠠᠲᠤᠭ᠎ᠠ ᠶᠢᠨ ᠺᠣᠨᠼᠧᠷᠲ 2︾᠂ ᠱ ∙ ᠥᠯᠵᠡᠶᠢᠪᠠᠶᠠᠷ  ᠤᠨ ︽ᠴᠢᠩᠭᠢᠰ ᠦᠨ ᠬᠡᠦᠬᠡᠳ ᠦᠳ︾ ᠺᠢᠨᠤ᠋ ᠶᠢᠨ ᠬᠥᠭᠵᠢᠮ᠂  ᠴ ᠂ ᠡᠷᠳᠡᠨᠢᠪᠠᠲᠤ ᠶᠢᠨ ︽ᠶᠠᠲᠤᠭ᠎ᠠ ᠶᠢᠨ 2 ᠺᠣᠨᠼᠧᠷᠲ︾᠂ ᠪ ∙ ᠭᠠᠩᠬᠤᠶᠠᠭ  ᠤᠨ ︽ᠪᠠᠶᠢᠲᠤᠭ ᠪᠣᠭᠳᠠ︾ ᠮᠠᠭᠲᠠᠭᠤ᠂ ᠵ∙ᠡᠩᠬᠡᠪᠠᠶᠠᠷ  ᠤᠨ ︽ ᠷᠠᠫᠰᠤᠳᠢᠶ᠎ᠠ︾ ᠵᠡᠷᠭᠡ 5 ᠪᠦᠲᠦᠭᠡᠯ ᠢ ᠤᠯᠤᠰ ᠤᠨ ᠰᠠᠩ ᠳᠤ ᠬᠤᠳᠠᠯᠳᠤᠨ ᠠᠪᠬᠤ ᠪᠠᠷ ᠰᠢᠢᠳᠪᠦᠷᠢᠯᠡᠪᠡ᠃  ᠥᠴᠥᠭᠡᠳᠦᠷ ᠪᠣᠯᠤᠭᠰᠠᠨ ︽ᠠᠯᠲᠠᠨ ᠨᠠᠮᠤᠷ-2018︾ ᠬᠥᠭᠵᠢᠮ ᠦᠨ ᠨᠠᠭᠠᠳᠤᠮ ᠤᠨ ᠦᠶ᠎ᠡ ᠪᠡᠷ ᠰᠢᠯᠢᠳᠡᠭ ᠪᠦᠲᠦᠭᠡᠯ ᠲᠤᠭᠤᠷᠪᠢᠭᠰᠠᠨ ᠬᠥᠭᠵᠢᠮ ᠦᠨ ᠵᠣᠬᠢᠶᠠᠯᠴᠢᠳ ᠲᠤ ᠪᠠᠲᠤᠯᠠᠮᠵᠢ ᠶᠢ ᠭᠠᠷᠳᠠᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ