ᠵᠠᠰᠠᠭ ᠤᠨ ᠭᠠᠵᠠᠷ ᠤᠨ ᠬᠡᠷᠡᠭᠵᠢᠭᠦᠯᠦᠭᠴᠢ ᠠᠭᠧᠨᠲᠯᠢᠭ ᠰᠤᠶᠤᠯ ᠤᠷᠠᠯᠢᠭ ᠤᠨ ᠭᠠᠵᠠᠷ ᠠᠴᠠ 2018 ᠣᠨ ᠳᠤ ᠤᠯᠤᠰ ᠤᠨ ᠰᠠᠩ ᠳᠤ ᠬᠤᠳᠠᠯᠳᠤᠨ ᠠᠪᠬᠤ ᠬᠥᠭᠵᠢᠮ ᠦᠨ ᠲᠣᠮᠣ ᠬᠡᠯᠪᠡᠷᠢ ᠶᠢᠨ ᠰᠢᠯᠢᠳᠡᠭ ᠪᠦᠲᠦᠭᠡᠯ ᠦᠳ ᠢ ᠲᠣᠳᠣᠷᠠᠭᠤᠯᠬᠤ ᠦᠢᠯᠡ ᠠᠵᠢᠯᠯᠠᠭ᠎ᠠ ᠶᠢ ᠮᠣᠩᠭᠣᠯ ᠤᠨ ᠬᠥᠭᠵᠢᠮ ᠦᠨ ᠵᠣᠬᠢᠶᠠᠯᠴᠢᠳ ᠤᠨ ᠬᠣᠯᠪᠣᠭ᠎ᠠ ᠲᠠᠢ ᠬᠠᠮᠲᠤᠷᠠᠨ ᠡᠨᠡ ᠰᠠᠷ᠎ᠠ ᠶᠢᠨ 01-30 ᠍ ᠳᠦ ᠵᠣᠬᠢᠶᠠᠨ ᠪᠠᠶᠢᠭᠤᠯᠤᠯ᠎ᠠ᠃
ᠤᠭ ᠰᠢᠯᠭᠠᠷᠠᠭᠤᠯᠤᠯᠲᠠ ᠳᠤ ᠨᠡᠶᠢᠲᠡ 12 ᠪᠦᠲᠦᠭᠡᠯ ᠠᠴᠠ ᠨ∙ᠵᠠᠩᠴᠠᠨᠨᠤᠷᠪᠤ ᠶᠢᠨ ︽ᠶᠠᠲᠤᠭ᠎ᠠ ᠶᠢᠨ ᠺᠣᠨᠼᠧᠷᠲ 2︾᠂ ᠱ ∙ ᠥᠯᠵᠡᠶᠢᠪᠠᠶᠠᠷ ᠤᠨ ︽ᠴᠢᠩᠭᠢᠰ ᠦᠨ ᠬᠡᠦᠬᠡᠳ ᠦᠳ︾ ᠺᠢᠨᠤ᠋ ᠶᠢᠨ ᠬᠥᠭᠵᠢᠮ᠂ ᠴ ᠂ ᠡᠷᠳᠡᠨᠢᠪᠠᠲᠤ ᠶᠢᠨ ︽ᠶᠠᠲᠤᠭ᠎ᠠ ᠶᠢᠨ 2 ᠺᠣᠨᠼᠧᠷᠲ︾᠂ ᠪ ∙ ᠭᠠᠩᠬᠤᠶᠠᠭ ᠤᠨ ︽ᠪᠠᠶᠢᠲᠤᠭ ᠪᠣᠭᠳᠠ︾ ᠮᠠᠭᠲᠠᠭᠤ᠂ ᠵ∙ᠡᠩᠬᠡᠪᠠᠶᠠᠷ ᠤᠨ ︽ ᠷᠠᠫᠰᠤᠳᠢᠶᠠ︾ ᠵᠡᠷᠭᠡ 5 ᠪᠦᠲᠦᠭᠡᠯ ᠢ ᠤᠯᠤᠰ ᠤᠨ ᠰᠠᠩ ᠳᠤ ᠬᠤᠳᠠᠯᠳᠤᠨ ᠠᠪᠬᠤ ᠪᠠᠷ ᠰᠢᠢᠳᠪᠦᠷᠢᠯᠡᠪᠡ᠃ ᠥᠴᠥᠭᠡᠳᠦᠷ ᠪᠣᠯᠤᠭᠰᠠᠨ ︽ᠠᠯᠲᠠᠨ ᠨᠠᠮᠤᠷ-2018︾ ᠬᠥᠭᠵᠢᠮ ᠦᠨ ᠨᠠᠭᠠᠳᠤᠮ ᠤᠨ ᠦᠶ᠎ᠡ ᠪᠡᠷ ᠰᠢᠯᠢᠳᠡᠭ ᠪᠦᠲᠦᠭᠡᠯ ᠲᠤᠭᠤᠷᠪᠢᠭᠰᠠᠨ ᠬᠥᠭᠵᠢᠮ ᠦᠨ ᠵᠣᠬᠢᠶᠠᠯᠴᠢᠳ ᠲᠤ ᠪᠠᠲᠤᠯᠠᠮᠵᠢ ᠶᠢ ᠭᠠᠷᠳᠠᠭᠤᠯᠤᠭᠰᠠᠨ ᠶᠤᠮ᠃