ᠥᠩᠭᠡᠲᠦ ᠴᠢᠯᠠᠭᠤ ᠲᠡᠭᠦᠵᠦ ᠪᠠᠶᠢᠭᠰᠠᠨ ᠡᠲᠡᠭᠡᠳ ᠦᠳ ᠢ ᠰᠠᠭᠠᠲᠠᠭᠤᠯᠵᠠᠢ | News.MN

ᠥᠩᠭᠡᠲᠦ ᠴᠢᠯᠠᠭᠤ ᠲᠡᠭᠦᠵᠦ ᠪᠠᠶᠢᠭᠰᠠᠨ ᠡᠲᠡᠭᠡᠳ ᠦᠳ ᠢ ᠰᠠᠭᠠᠲᠠᠭᠤᠯᠵᠠᠢ

ᠬᠡᠨᠲᠡᠢ ᠠᠶᠢᠮᠠᠭ ᠤᠨ ᠮᠡᠷᠭᠡᠵᠢᠯ ᠦᠨ ᠬᠢᠨᠠᠯᠲᠠ ᠶᠢᠨ ᠭᠠᠵᠠᠷ ᠤᠨ ᠬᠡᠯᠲᠡᠰ ᠦᠨ ᠳᠠᠷᠤᠭ᠎ᠠ ᠪᠠᠷ ᠠᠬᠠᠯᠠᠭᠤᠯᠤᠭᠰᠠᠨ ᠠᠵᠢᠯ ᠤᠨ ᠬᠡᠰᠡᠭ ᠲᠤᠰ ᠠᠶᠢᠮᠠᠭ ᠤᠨ ᠪᠠᠲᠤᠨᠤᠷᠪᠤ ᠰᠤᠮᠤ ᠶᠢᠨ ᠰᠢᠪᠠᠷᠲᠤ ᠬᠡᠮᠡᠬᠦ ᠭᠠᠵᠠᠷ ᠲᠤ  ᠪᠠᠶᠢᠭᠠᠯᠢ ᠶᠢᠨ ᠥᠩᠭᠡᠲᠦ ᠴᠢᠯᠠᠭᠤ ᠬᠠᠤᠯᠢ ᠪᠤᠰᠤ ᠪᠠᠷ ᠲᠡᠭᠦᠵᠦ᠂ ᠣᠯᠪᠤᠷᠢᠯᠠᠵᠤ ᠪᠠᠶᠢᠭ᠎ᠠ ᠦᠢᠯᠡ ᠠᠵᠢᠯᠯᠠᠭᠠᠨ ᠳᠤ ᠬᠢᠨᠠᠯᠲᠠ ᠰᠢᠯᠭᠠᠯᠲᠠ ᠬᠢᠵᠠᠢ ᠃
ᠲᠤᠰ ᠰᠢᠯᠭᠠᠯᠲᠠ ᠪᠠᠷ ᠳᠥᠷᠪᠡᠨ ᠮᠠᠰᠢᠨ᠂ ᠵᠢᠷᠭᠤᠭᠠᠨ ᠢᠷᠭᠡᠨ ᠢ ᠰᠠᠭᠠᠳᠠᠭᠤᠯᠤᠨ ᠰᠢᠯᠭᠠᠵᠤ᠂ ᠬᠠᠤᠯᠢ ᠪᠤᠰᠤ ᠦᠢᠯᠡᠳᠦᠯ ᠢ ᠲᠠᠰᠤᠯᠤᠨ ᠵᠣᠭᠰᠣᠭᠠᠭᠰᠠᠨ ᠪᠠᠶᠢᠨ᠎ᠠ᠃ ᠮᠥᠨ ᠬᠠᠤᠯᠢ ᠪᠤᠰᠤ ᠪᠠᠷ ᠥᠩᠭᠡᠲᠦ ᠴᠢᠯᠠᠭᠤ ᠲᠡᠭᠦᠭᠴᠢ᠂ ᠣᠯᠪᠤᠷᠢᠯᠠᠭᠴᠢ᠂ ᠬᠤᠳᠠᠯᠳᠤᠨ ᠠᠪᠤᠭᠴᠢ ᠢᠷᠭᠡᠳ ᠲᠦ ᠬᠠᠤᠯᠢ᠂ ᠡᠷᠬᠡ ᠵᠦᠢ ᠶᠢᠨ ᠵᠥᠪᠯᠡᠭᠡ ᠮᠡᠳᠡᠭᠡᠯᠡᠯ ᠥᠭᠴᠡᠢ᠃ ᠮᠥᠨ ᠪᠠᠲᠤᠨᠤᠷᠪᠤ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠲᠠᠢ ᠬᠠᠮᠲᠤᠷᠠᠨ ᠤᠬᠤᠵᠤ ᠰᠡᠨᠳᠡᠯᠦᠭᠰᠡᠨ ᠭᠠᠵᠠᠷ ᠢ ᠵᠣᠷᠢᠭᠤᠯᠤᠯᠲᠠ ᠶᠢᠨ ᠲᠡᠭᠡᠭᠡᠪᠦᠷᠢ ᠶᠢᠨ ᠬᠡᠷᠡᠭᠰᠡᠯ ᠢᠶᠡᠷ ᠲᠦᠷᠢᠵᠦ ᠲᠡᠭᠰᠢᠯᠡᠬᠦ᠂ ᠮᠣᠳᠣ ᠪᠤᠲᠠ ᠲᠠᠷᠢᠵᠤ ᠨᠥᠬᠥᠨ ᠰᠡᠷᠭᠦᠭᠡᠬᠦ ᠠᠵᠢᠯ ᠢ ᠬᠢᠬᠦ ᠠᠵᠠᠢ ᠃

ᠰᠡᠳᠬᠢᠭᠳᠡᠯ ᠦᠯᠡᠳᠡᠭᠡᠬᠦ