ᠮᠣᠩᠭᠣᠯ ᠨᠸᠫᠸᠯ  ᠦᠨ ᠠᠩᠬᠠᠳᠤᠭᠠᠷ ᠵᠥᠪᠯᠡᠯᠳᠦᠬᠦ ᠠᠭᠤᠯᠵᠠᠯᠲᠠ ᠪᠤᠯᠤᠯ᠎ᠠ | News.MN

ᠮᠣᠩᠭᠣᠯ ᠨᠸᠫᠸᠯ  ᠦᠨ ᠠᠩᠬᠠᠳᠤᠭᠠᠷ ᠵᠥᠪᠯᠡᠯᠳᠦᠬᠦ ᠠᠭᠤᠯᠵᠠᠯᠲᠠ ᠪᠤᠯᠤᠯ᠎ᠠ

 

ᠮᠣᠩᠭᠣᠯ᠂ ᠨᠸᠫᠸᠯ  ᠦᠨ  ᠭᠠᠳᠠᠭᠠᠳᠤ ᠬᠠᠷᠢᠯᠴᠠᠭᠠᠨ ᠤ ᠶᠠᠮᠤ ᠬᠣᠭᠣᠷᠣᠨᠳᠣ ᠶᠢᠨ ᠠᠩᠬᠠᠳᠤᠭᠠᠷ ᠵᠥᠪᠯᠡᠯᠳᠦᠬᠦ ᠠᠭᠤᠯᠵᠠᠯᠲᠠ 2018 ᠣᠨ ᠤ ᠠᠷᠪᠠᠳᠤᠭᠠᠷ ᠰᠠᠷ᠎ᠠ ᠶᠢᠨ 31 ᠍ ᠦ ᠡᠳᠦᠷ ᠺᠠᠲ᠋ᠮᠠᠨᠳᠤ  ᠬᠤᠲᠠᠨ᠎ᠠ ᠪᠣᠯᠤᠯ᠎ᠠ᠃ ᠵᠥᠪᠯᠡᠯᠳᠦᠬᠦ ᠠᠭᠤᠯᠵᠠᠯᠲᠠ ᠶᠢ ᠮᠠᠨ ᠤ ᠲᠠᠯ᠎ᠠ ᠠᠴᠠ ᠭᠠᠳᠠᠭᠠᠳᠤ ᠬᠠᠷᠢᠯᠴᠠᠭᠠᠨ ᠤ ᠶᠠᠮᠤᠨ ᠤ ᠲᠥᠷᠥ ᠶᠢᠨ ᠨᠠᠷᠢᠨ ᠪᠢᠴᠢᠭ ᠦᠨ ᠳᠠᠷᠤᠭ᠎ᠠ ᠳ∙ᠳᠠᠸᠠᠰᠦ᠋ᠷᠦᠩ᠂ ᠨᠸᠫᠸᠯ  ᠦᠨ  ᠲᠠᠯ᠎ᠠ ᠠᠴᠠ ᠲᠤᠰ ᠤᠯᠤᠰ ᠤᠨ ᠭᠠᠳᠠᠭᠠᠳᠤ ᠬᠡᠷᠡᠭ ᠦᠨ ᠶᠠᠮᠤᠨ ᠤ ᠨᠠᠷᠢᠨ ᠪᠢᠴᠢᠭ ᠦᠨ ᠳᠠᠷᠤᠭ᠎ᠠ ᠪᠥᠭᠡᠳ ᠵᠡᠭᠦᠨ ᠬᠣᠶᠢᠳ ᠠᠽᠢᠶ᠎ᠠ ᠶᠢᠨ ᠭᠠᠵᠠᠷ ᠤᠨ ᠶᠡᠷᠦᠩᠬᠡᠢ ᠵᠠᠬᠢᠷᠤᠯ ᠭ∙ᠫ∙ᠳ᠋ᠾᠠᠺᠠᠯ ᠨᠠᠷ ᠠᠬᠠᠯᠠᠵᠤ ᠤᠷᠤᠯᠴᠠᠪᠠ᠃
ᠬᠣᠶᠠᠷ  ᠤᠯᠤᠰ ᠬᠠᠷᠢᠯᠴᠠᠭ᠎ᠠ ᠪᠠᠨ ᠪᠦᠬᠦ ᠲᠦᠪᠰᠢᠨ ᠳᠦ ᠢᠳᠡᠪᠬᠢᠵᠢᠭᠦᠯᠬᠦ ᠡᠷᠡᠮᠡᠯᠵᠡᠯ ᠲᠡᠢ ᠪᠠᠶᠢᠭ᠎ᠠ ᠪᠠᠨ ᠨᠣᠲᠠᠯᠠᠭᠠᠳ ᠴᠢᠨᠠᠭᠰᠢᠳᠠ ᠳᠡᠭᠡᠳᠦ ᠥᠨᠳᠥᠷ ᠲᠦᠪᠰᠢᠨ ᠦ ᠠᠶᠢᠯᠴᠢᠯᠠᠯ ᠤᠨ ᠳᠠᠪᠲᠠᠮᠵᠢ ᠶᠢ ᠨᠡᠮᠡᠭᠳᠡᠭᠦᠯᠵᠦ᠂ ᠤᠯᠤᠰ ᠲᠥᠷᠥ᠂ ᠡᠳ᠋ ᠍ ᠦᠨ ᠵᠠᠰᠠᠭ᠂ ᠬᠤᠳᠠᠯᠳᠤᠭ᠎ᠠ᠂ ᠰᠤᠶᠤᠯ᠂ ᠪᠣᠯᠪᠠᠰᠤᠷᠠᠯ᠂ ᠰᠫᠣᠷᠲ᠂ ᠠᠶᠠᠯᠠᠯ ᠵᠢᠭᠤᠯᠴᠢᠯᠠᠯ ᠤᠨ ᠰᠠᠯᠪᠤᠷᠢ ᠳᠤ ᠬᠠᠮᠲᠤ ᠶᠢᠨ ᠠᠵᠢᠯᠯᠠᠭ᠎ᠠ ᠶᠢ ᠪᠠᠨ ᠥᠷᠭᠡᠵᠢᠭᠦᠯᠵᠦ ᠠᠵᠢᠯᠯᠠᠬᠤ ᠪᠠᠷ ᠲᠣᠬᠢᠷᠠᠯ᠎ᠠ᠃
ᠮᠣᠩᠭᠣᠯ ᠨᠸᠫᠸᠯ ᠱᠠᠰᠢᠨ ᠰᠢᠲᠦᠯᠭᠡ᠂ ᠥᠪ ᠰᠤᠶᠤᠯ ᠤᠨ ᠬᠤᠪᠢ ᠳᠤ ᠣᠶᠢᠷ᠎ᠠ᠂ ᠨᠡᠶᠢᠲᠡᠯᠢᠭ ᠦᠨᠡᠲᠦ ᠵᠦᠢᠯᠡᠰ ᠢᠶᠡᠷ ᠬᠣᠯᠪᠣᠭᠳᠠᠳᠠᠭ ᠵᠡᠷᠭᠡ ᠨᠢ ᠨᠠᠶᠢᠷᠰᠠᠭ ᠬᠠᠷᠢᠯᠴᠠᠭ᠎ᠠ ᠶᠢ ᠥᠷᠭᠡᠵᠢᠭᠦᠯᠦᠨ ᠬᠥᠭᠵᠢᠭᠦᠯᠬᠦ ᠬᠥᠷᠥᠰᠥ ᠰᠠᠭᠤᠷᠢ ᠪᠣᠯᠵᠤ ᠪᠠᠶᠢᠭ᠎ᠠ ᠶᠢ ᠲᠡᠮᠳᠡᠭᠯᠡᠵᠦ ᠬᠥᠭᠵᠢᠵᠦ ᠪᠤᠢ᠂ ᠳᠠᠯᠠᠢ ᠳᠤ  ᠭᠠᠷᠴᠠ ᠦᠭᠡᠢ ᠣᠷᠣᠨ ᠨᠤᠭᠤᠳ ᠤᠨ ᠬᠤᠪᠢ ᠳᠤ ᠬᠣᠶᠠᠷ ᠲᠠᠯ᠎ᠠ ᠶᠢᠨ ᠪᠣᠯᠤᠨ ᠣᠯᠠᠨ ᠤᠯᠤᠰ᠂ ᠪᠥᠰᠡ ᠨᠤᠲᠤᠭ ᠤᠨ ᠲᠦᠪᠰᠢᠨ ᠳᠦ ᠬᠠᠮᠲᠤ ᠶᠢᠨ ᠠᠵᠢᠯᠯᠠᠭ᠎ᠠ ᠶᠢ ᠪᠠᠨ ᠭᠦᠨᠵᠡᠭᠡᠶᠢᠷᠡᠭᠦᠯᠬᠦ  ᠡᠷᠡᠮᠡᠯᠵᠡᠯ ᠲᠡᠢ ᠪᠠᠶᠢᠭ᠎ᠠ ᠪᠠᠨ ᠮᠣᠩᠭᠣᠯ ᠤᠨ ᠲᠠᠯ᠎ᠠ ᠢᠯᠡᠷᠬᠡᠶᠢᠯᠡᠪᠡ᠃
ᠨᠸᠫᠸᠯ  ᠦᠨ  ᠲᠠᠯ᠎ᠠ ᠬᠤᠳᠠᠯᠳᠤᠭ᠎ᠠ᠂ ᠤᠯᠤᠰ ᠲᠥᠷᠥ᠂ ᠡᠳ᠋ ᠍ ᠦᠨ ᠵᠠᠰᠠᠭ᠂ ᠰᠫᠣᠷᠲ᠂ ᠠᠶᠠᠯᠠᠯ ᠵᠢᠭᠤᠯᠴᠢᠯᠠᠯ ᠤᠨ ᠰᠠᠯᠪᠤᠷᠢ ᠳᠤ ᠪᠣᠯᠤᠨ ᠳᠠᠯᠠᠢ ᠳᠤ  ᠭᠠᠷᠴᠠ ᠦᠭᠡᠢ ᠬᠥᠭᠵᠢᠵᠦ ᠪᠤᠢ ᠣᠷᠣᠨ ᠨᠤᠭᠤᠳ ᠤᠨ ᠣᠯᠠᠨ ᠤᠯᠤᠰ ᠤᠨ ᠰᠤᠳᠤᠯᠭᠠᠨ ᠤ ᠲᠥᠪ ᠦᠨ ᠬᠦᠷᠢᠶᠡᠨ ᠳᠦ ᠬᠠᠮᠲᠤ ᠶᠢᠨ ᠠᠵᠢᠯᠯᠠᠭ᠎ᠠ  ᠪᠠᠨ  ᠦᠷᠭᠡᠵᠢᠭᠦᠯᠦᠨ ᠬᠥᠭᠵᠢᠭᠦᠯᠬᠦ ᠰᠣᠨᠢᠷᠬᠠᠯᠲᠠᠢ ᠪᠠᠶᠢᠭ᠎ᠠ ᠪᠠᠨ ᠨᠣᠲᠠᠯᠠᠭᠠᠳ ᠠᠽᠢᠶ᠎ᠠ᠂ ᠨᠣᠮᠣᠬᠠᠨ ᠳᠠᠯᠠᠢ ᠶᠢᠨ ᠪᠥᠰᠡ ᠨᠤᠲᠤᠭ ᠲᠤ ᠬᠡᠷᠡᠭᠵᠢᠭᠦᠯᠵᠦ ᠪᠤᠢ ᠢᠳᠡᠪᠬᠢᠲᠡᠢ ᠭᠠᠳᠠᠭᠠᠳᠤ ᠪᠣᠳᠣᠯᠭ᠎ᠠ ᠶᠢᠨ ᠢᠶᠠᠨ ᠬᠦᠷᠢᠶᠡᠨ ᠳᠦ ᠴᠢᠨᠠᠭᠰᠢᠳᠠ ᠴᠤ ᠰᠠᠨᠠᠯ ᠰᠣᠯᠢᠯᠴᠠᠵᠤ᠂ ᠢᠳᠡᠪᠬᠢ ᠲᠡᠢ ᠬᠠᠮᠲᠤᠷᠠᠨ ᠠᠵᠢᠯᠯᠠᠬᠤ ᠬᠦᠰᠡᠯ ᠲᠡᠢ ᠪᠠᠶᠢᠭ᠎ᠠ ᠪᠠᠨ ᠲᠡᠮᠳᠡᠭᠯᠡᠪᠡ᠃ ᠬᠣᠶᠠᠳᠤᠭᠠᠷ ᠵᠥᠪᠯᠡᠯᠳᠦᠬᠦ ᠠᠭᠤᠯᠵᠠᠯᠲᠠ ᠶᠢ 2020 ᠣᠨ ᠳᠤ ᠤᠯᠠᠭᠠᠨᠪᠠᠭᠠᠲᠤᠷ  ᠬᠤᠲᠠᠨ᠎ᠠ ᠬᠢᠬᠦ ᠪᠡᠷ ᠲᠣᠭᠲᠠᠪᠠ᠃

ᠰᠡᠳᠬᠢᠭᠳᠡᠯ ᠦᠯᠡᠳᠡᠭᠡᠬᠦ