︽ᠢᠵᠠᠭᠤᠷ ︾ ᠤᠯᠠᠨ ᠠᠩᠭᠢᠲᠤ ᠬᠡᠤᠬᠡᠳ ᠤᠨ ᠺᠢᠨᠤ᠋ ᠪᠦᠲᠦᠭᠡᠵᠤ ᠪᠠᠶᠢᠨ᠎ᠠ | News.MN

︽ᠢᠵᠠᠭᠤᠷ ︾ ᠤᠯᠠᠨ ᠠᠩᠭᠢᠲᠤ ᠬᠡᠤᠬᠡᠳ ᠤᠨ ᠺᠢᠨᠤ᠋ ᠪᠦᠲᠦᠭᠡᠵᠤ ᠪᠠᠶᠢᠨ᠎ᠠ

ᠨᠡᠶᠢᠰᠯᠡᠯ ᠦᠨ ᠵᠠᠰᠠᠭ ᠳᠠᠷᠤᠭ᠎ᠠ ᠶᠢᠨ ᠬᠡᠷᠡᠭᠵᠢᠭᠦᠯᠦᠭᠴᠢ ᠠᠭᠧᠨᠲᠯᠢᠭ ᠨᠡᠶᠢᠰᠯᠡᠯ ᠦᠨ ᠬᠡᠦᠬᠡᠳ᠂ ᠭᠡᠷ ᠪᠦᠯᠢ ᠬᠥᠭᠵᠢᠯ ᠦᠨ ᠭᠠᠵᠠᠷ ᠠᠴᠠ ᠶᠠᠷᠢᠬᠤ ᠤᠷ᠎ᠠ ᠴᠢᠳᠠᠪᠤᠷᠢ ᠶᠢᠨ ᠠᠺᠠᠳᠧᠮᠢ《ᠢᠵᠠᠭᠤᠷ ᠺᠣᠨᠲ᠋ᠧᠨᠲ 》 ᠺᠣᠮᠫᠠᠨᠢ ᠲᠠᠢ ᠬᠠᠮᠲᠤᠷᠠᠨ ︽ᠢᠵᠠᠭᠤᠷ︾ 100  ᠠᠩᠭᠢᠲᠤ  2D ᠠᠨᠢᠮᠡᠶᠢᠰᠢᠨ ᠬᠡᠦᠬᠡᠯᠳᠡᠢ ᠶᠢᠨ ᠺᠢᠨᠣ᠋ ᠬᠢᠵᠦ ᠡᠬᠢᠯᠡᠭᠡᠳ ᠪᠠᠶᠢᠨ᠎ᠠ᠃ ᠡᠨᠡᠬᠦ ᠬᠡᠦᠬᠡᠯᠳᠡᠢ ᠶᠢᠨ ᠺᠢᠨᠤ᠋  ᠶᠢᠨ ᠭᠣᠣᠯ ᠳᠦᠷᠢ ᠶᠢᠨ ᠪᠠᠭᠠᠲᠤᠷ᠂ ᠬᠥᠪᠰᠥᠭᠥᠯ ᠳᠠᠯᠠᠢ ᠶᠢᠨ ᠬᠦᠦ ᠂ ᠡᠷᠡᠯᠬᠡᠭ ᠵᠣᠷᠢᠭᠲᠤ  ᠶᠠᠪᠤᠭᠤᠪᠠᠭᠠᠲᠤᠷ ᠤᠨ ᠬᠡᠦᠬᠡᠳ ᠨᠠᠰᠤᠨ ᠤ ᠠᠳᠠᠯ ᠶᠠᠪᠤᠳᠠᠯ ᠳᠤ ᠲᠡᠦᠬᠡ ᠶᠢ ᠦᠭᠦᠯᠡᠭᠰᠡᠨ ᠬᠡᠦᠬᠡᠳ ᠦᠨ ᠬᠠᠮᠠᠭᠠᠯᠠᠭᠴᠢ ᠰᠠᠬᠢᠭᠤᠰᠤ  ︽ᠶᠠᠪᠤᠭᠤᠪᠠᠭᠠᠲᠤᠷ︾ ᠺᠣᠮᠢᠺ ᠨᠣᠮ ᠬᠡᠦᠬᠡᠳ ᠪᠠᠭᠠᠴᠤᠳ ᠤᠨ ᠭᠠᠷ ᠳᠡᠭᠡᠷ᠎ᠡ ᠣᠴᠢᠬᠤ ᠳᠤ ᠪᠡᠯᠡᠨ ᠪᠣᠯᠤᠭᠰᠠᠨ ᠪᠠᠶᠢᠨ᠎ᠠ᠃  ᠨᠤᠮ ᠨᠢ ᠴᠢᠨᠠᠭᠰᠢᠳᠠ ᠪᠠᠨ ᠴᠡᠴᠡᠨᠬᠦᠦ᠂ ᠴᠡᠯᠮᠡᠭ ᠥᠬᠢᠨ ᠵᠡᠷᠭᠡ ᠭᠣᠣᠯ ᠳᠦᠷᠢ ᠶᠢᠨ ᠪᠠᠭᠠᠲᠤᠷ ᠤᠳ ᠢᠶᠠᠷ ᠨᠡᠷᠡᠯᠡᠭᠳᠡᠭᠰᠡᠨ 10 ᠴᠤᠪᠤᠷᠠᠯ ᠪᠣᠯᠤᠨ ᠭᠠᠷᠬᠤ ᠭᠡᠨ᠎ᠡ᠃

ᠰᠡᠳᠬᠢᠭᠳᠡᠯ ᠦᠯᠡᠳᠡᠭᠡᠬᠦ