ᠨᠡᠶᠢᠰᠯᠡᠯ ᠦᠨ ᠵᠠᠰᠠᠭ ᠳᠠᠷᠤᠭ᠎ᠠ ᠶᠢᠨ ᠬᠡᠷᠡᠭᠵᠢᠭᠦᠯᠦᠭᠴᠢ ᠠᠭᠧᠨᠲᠯᠢᠭ ᠨᠡᠶᠢᠰᠯᠡᠯ ᠦᠨ ᠬᠡᠦᠬᠡᠳ᠂ ᠭᠡᠷ ᠪᠦᠯᠢ ᠬᠥᠭᠵᠢᠯ ᠦᠨ ᠭᠠᠵᠠᠷ ᠠᠴᠠ ᠶᠠᠷᠢᠬᠤ ᠤᠷ᠎ᠠ ᠴᠢᠳᠠᠪᠤᠷᠢ ᠶᠢᠨ ᠠᠺᠠᠳᠧᠮᠢ《ᠢᠵᠠᠭᠤᠷ ᠺᠣᠨᠲ᠋ᠧᠨᠲ 》 ᠺᠣᠮᠫᠠᠨᠢ ᠲᠠᠢ ᠬᠠᠮᠲᠤᠷᠠᠨ ︽ᠢᠵᠠᠭᠤᠷ︾ 100 ᠠᠩᠭᠢᠲᠤ 2D ᠠᠨᠢᠮᠡᠶᠢᠰᠢᠨ ᠬᠡᠦᠬᠡᠯᠳᠡᠢ ᠶᠢᠨ ᠺᠢᠨᠣ᠋ ᠬᠢᠵᠦ ᠡᠬᠢᠯᠡᠭᠡᠳ ᠪᠠᠶᠢᠨ᠎ᠠ᠃ ᠡᠨᠡᠬᠦ ᠬᠡᠦᠬᠡᠯᠳᠡᠢ ᠶᠢᠨ ᠺᠢᠨᠤ᠋ ᠶᠢᠨ ᠭᠣᠣᠯ ᠳᠦᠷᠢ ᠶᠢᠨ ᠪᠠᠭᠠᠲᠤᠷ᠂ ᠬᠥᠪᠰᠥᠭᠥᠯ ᠳᠠᠯᠠᠢ ᠶᠢᠨ ᠬᠦᠦ ᠂ ᠡᠷᠡᠯᠬᠡᠭ ᠵᠣᠷᠢᠭᠲᠤ ᠶᠠᠪᠤᠭᠤᠪᠠᠭᠠᠲᠤᠷ ᠤᠨ ᠬᠡᠦᠬᠡᠳ ᠨᠠᠰᠤᠨ ᠤ ᠠᠳᠠᠯ ᠶᠠᠪᠤᠳᠠᠯ ᠳᠤ ᠲᠡᠦᠬᠡ ᠶᠢ ᠦᠭᠦᠯᠡᠭᠰᠡᠨ ᠬᠡᠦᠬᠡᠳ ᠦᠨ ᠬᠠᠮᠠᠭᠠᠯᠠᠭᠴᠢ ᠰᠠᠬᠢᠭᠤᠰᠤ ︽ᠶᠠᠪᠤᠭᠤᠪᠠᠭᠠᠲᠤᠷ︾ ᠺᠣᠮᠢᠺ ᠨᠣᠮ ᠬᠡᠦᠬᠡᠳ ᠪᠠᠭᠠᠴᠤᠳ ᠤᠨ ᠭᠠᠷ ᠳᠡᠭᠡᠷ᠎ᠡ ᠣᠴᠢᠬᠤ ᠳᠤ ᠪᠡᠯᠡᠨ ᠪᠣᠯᠤᠭᠰᠠᠨ ᠪᠠᠶᠢᠨ᠎ᠠ᠃ ᠨᠤᠮ ᠨᠢ ᠴᠢᠨᠠᠭᠰᠢᠳᠠ ᠪᠠᠨ ᠴᠡᠴᠡᠨᠬᠦᠦ᠂ ᠴᠡᠯᠮᠡᠭ ᠥᠬᠢᠨ ᠵᠡᠷᠭᠡ ᠭᠣᠣᠯ ᠳᠦᠷᠢ ᠶᠢᠨ ᠪᠠᠭᠠᠲᠤᠷ ᠤᠳ ᠢᠶᠠᠷ ᠨᠡᠷᠡᠯᠡᠭᠳᠡᠭᠰᠡᠨ 10 ᠴᠤᠪᠤᠷᠠᠯ ᠪᠣᠯᠤᠨ ᠭᠠᠷᠬᠤ ᠭᠡᠨ᠎ᠡ᠃