ᠬ ∙ ᠪᠠᠲᠤᠲᠤᠯᠭ᠎ᠠ ᠯᠠᠶᠢᠲᠸᠷᠰ ᠺᠤᠮᠫᠠᠨᠢ ᠳᠤ ᠵᠤᠴᠢᠯᠠᠪᠠ | News.MN

ᠬ ∙ ᠪᠠᠲᠤᠲᠤᠯᠭ᠎ᠠ ᠯᠠᠶᠢᠲᠸᠷᠰ ᠺᠤᠮᠫᠠᠨᠢ ᠳᠤ ᠵᠤᠴᠢᠯᠠᠪᠠ

ᠮᠣᠩᠭᠣᠯ ᠤᠯᠤᠰ ᠤᠨ ᠶᠡᠷᠦᠩᠬᠡᠶᠢᠯᠡᠭᠴᠢ ᠬ∙ᠪᠠᠲᠤᠲᠤᠯᠭ᠎ᠠ ᠥᠴᠥᠭᠡᠳᠦᠷ ᠰᠸᠢᠰ ᠤᠯᠤᠰ ᠤᠨ  ᠬᠣᠲᠠ ᠶᠢᠨ  ᠰᠦ ᠰᠦᠨ ᠪᠦᠲᠦᠭᠡᠭᠳᠡᠬᠦᠨ ᠦ ᠨᠢᠭᠡᠳᠦᠯ ᠪᠣᠯᠬᠤ 1911 ᠣᠨ ᠠᠴᠠ ᠬᠣᠶᠢᠰᠢ ᠲᠠᠰᠤᠷᠠᠯᠲᠠ ᠦᠭᠡᠢ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ ︽ᠯᠠᠶᠢᠲᠸᠷᠰ ᠷᠤᠶᠢᠨᠧᠷᠰ︾ ᠺᠣᠮᠫᠠᠨᠢ ᠳᠤ ᠵᠣᠴᠢᠯᠠᠵᠤ᠂ ᠲᠤᠰ ᠪᠠᠶᠢᠭᠤᠯᠤᠯᠭ᠎ᠠ ᠶᠢᠨ ᠤᠳᠤᠷᠢᠳᠤᠯᠭ᠎ᠠ ᠨᠤᠭᠤᠳ ᠲᠠᠢ ᠠᠭᠤᠯᠵᠠᠯ᠎ᠠ᠃
ᠨᠢᠭᠡᠳᠦᠯ ᠦᠨ ᠵᠠᠬᠢᠷᠤᠯ ᠲᠧᠷᠷᠠ ᠴᠢᠷᠸᠧᠲ ᠤᠨ ᠲᠠᠨᠢᠯᠴᠠᠭᠤᠯᠤᠭᠰᠠᠨ ᠢᠶᠠᠷ ᠬᠣᠲᠠ ᠶᠢᠨ ᠭᠠᠵᠠᠷ ᠨᠤᠲᠤᠭ ᠤᠨ 40  ᠬᠤᠪᠢ ᠶᠢ ᠵᠥᠪᠬᠡᠨ ᠬᠥᠳᠡᠭᠡ ᠠᠵᠤ ᠠᠬᠤᠢ ᠶᠢᠨ ᠵᠣᠷᠢᠭᠤᠯᠤᠯᠲᠠ ᠪᠠᠷ ᠠᠰᠢᠭᠯᠠᠵᠤ᠂ ᠬᠥᠳᠡᠭᠡ᠂ ᠠᠵᠤ ᠠᠬᠤᠢ ᠶᠢᠨ ᠰᠠᠯᠪᠤᠷᠢ ᠨᠢ ᠵᠢᠯ ᠢᠷᠡᠬᠦ ᠪᠦᠷ ᠲᠥᠷᠥᠯᠵᠢᠵᠦ᠂ ᠬᠤᠳᠠᠯᠳᠤᠭ᠎ᠠ ᠯᠤᠭᠢᠰᠲ᠋ᠢᠺ ᠤᠨ ᠰᠠᠯᠪᠤᠷᠢ ᠶᠢᠨ ᠳᠡᠶᠢᠯᠦᠩᠬᠢ ᠣᠷᠣᠯᠭ᠎ᠠ ᠶᠢ ᠪᠦᠷᠢᠳᠦᠭᠦᠯᠬᠦ ᠪᠣᠯᠵᠠᠢ᠃ ᠰᠦ ᠰᠦᠨ ᠪᠦᠲᠦᠭᠡᠭᠳᠡᠬᠦᠨ ᠲᠡᠳᠦᠢ ᠦᠭᠡᠢ ᠮᠢᠬ᠎ᠠ᠂ ᠮᠢᠬᠠᠨ ᠪᠦᠲᠦᠭᠡᠭᠳᠡᠬᠦᠨ᠂ ᠬᠤᠳᠠᠯᠳᠤᠭ᠎ᠠ  ᠯᠤᠭᠢᠰᠲ᠋ᠢᠺ ᠤᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠵᠤ 2017 ᠣᠨ ᠤ ᠪᠠᠶᠢᠳᠠᠯ ᠢᠶᠠᠷ 215  ᠰᠠᠶ᠎ᠠ  ᠰᠸᠢᠰ  ᠹᠷᠠᠩᠺ  ᠤᠨ ᠣᠷᠣᠯᠭ᠎ᠠ ᠲᠠᠢ ᠠᠵᠢᠯᠯᠠᠵᠠᠢ᠃ ᠡᠨᠡ ᠨᠢ ᠹᠧᠷᠮᠧᠷ ᠤᠨ ᠠᠵᠤ ᠠᠬᠤᠢ ᠠᠴᠠ ᠥᠨᠳᠥᠷ ᠠᠰᠢᠭ ᠲᠤᠰᠠ ᠭᠠᠷᠭᠠᠬᠤ ᠲᠤᠰ ᠤᠯᠤᠰ ᠤᠨ ᠲᠧᠭᠨᠣᠯᠣᠭᠢ᠂ ᠹᠧᠷᠮᠧᠷ ᠤᠨ ᠪᠤᠶᠤ ᠡᠷᠴᠢᠮᠵᠢᠭᠰᠡᠨ ᠮᠠᠯ ᠠᠵᠤ ᠠᠬᠤᠢ ᠶᠢ ᠬᠥᠭᠵᠢᠭᠦᠯᠬᠦ ᠪᠣᠳᠣᠯᠭ᠎ᠠ ᠲᠠᠢ ᠨᠢᠭᠲᠠ ᠬᠣᠯᠪᠣᠭ᠎ᠠ ᠲᠠᠢ ᠶᠤᠮ ᠭᠡᠨ᠎ᠡ ᠃  ᠲᠠᠨᠢᠯᠴᠠᠭᠤᠯᠭ᠎ᠠ ᠶᠢᠨ ᠳᠠᠷᠠᠭ᠎ᠠ ᠶᠡᠷᠦᠩᠬᠡᠶᠢᠯᠡᠭᠴᠢ ᠬ∙ᠪᠠᠲᠤᠲᠤᠯᠭ᠎ᠠ ᠦᠢᠯᠡᠳᠪᠦᠷᠢᠯᠡᠯ ᠦᠨ ᠶᠠᠪᠤᠴᠠ ᠲᠠᠢ ᠨᠢ ᠲᠠᠨᠢᠯᠴᠠᠵᠤ᠂ ᠮᠣᠩᠭᠣᠯ ᠤᠯᠤᠰ ᠤᠨ ᠬᠥᠳᠡᠭᠡ ᠠᠵᠤ ᠠᠬᠤᠢ᠂ ᠡᠨᠡ ᠰᠠᠯᠪᠤᠷᠢ ᠳᠤ ᠠᠰᠢᠭᠯᠠᠵᠤ ᠪᠤᠢ ᠲᠧᠭᠨᠣᠯᠣᠭᠢ ᠶᠢ ᠨᠡᠪᠲᠡᠷᠡᠭᠦᠯᠬᠦ᠂ ᠠᠰᠢᠭᠯᠠᠬᠤ ᠪᠣᠯᠤᠮᠵᠢ ᠶᠢᠨ ᠲᠠᠯ᠎ᠠ ᠪᠠᠷ ᠳᠡᠯᠭᠡᠷᠡᠩᠭᠦᠢ ᠶᠠᠷᠢᠯᠴᠠᠵᠤ ᠰᠠᠨᠠᠯ ᠰᠣᠯᠢᠯᠴᠠᠭᠰᠠᠨ ᠶᠤᠮ᠃

ᠰᠡᠳᠬᠢᠭᠳᠡᠯ ᠦᠯᠡᠳᠡᠭᠡᠬᠦ

1 ᠰᠡᠳᠬᠢᠭᠳᠡᠯ

Avatar

ᠪᠠᠲᠤ 2018-10-26 66.181.177.86

ᠰᠢᠨ᠎ᠡ ᠮᠡᠳᠡᠭᠡ ᠲᠠᠯᠪᠢᠭᠠᠴᠢ ᠡ