《ᠠᠯᠲᠠᠨ ᠥᠨᠳᠡᠭᠡ 》 ᠺᠢᠨᠣ᠋ ᠠᠰᠢᠭ ᠣᠷᠣᠯᠭ᠎ᠠ ᠪᠠᠷ ᠢᠶᠠᠨ ᠲᠡᠷᠢᠭᠦᠯᠡᠵᠡᠢ | News.MN

《ᠠᠯᠲᠠᠨ ᠥᠨᠳᠡᠭᠡ 》 ᠺᠢᠨᠣ᠋ ᠠᠰᠢᠭ ᠣᠷᠣᠯᠭ᠎ᠠ ᠪᠠᠷ ᠢᠶᠠᠨ ᠲᠡᠷᠢᠭᠦᠯᠡᠵᠡᠢ

ᠺᠢᠨᠣ᠋ ᠲᠢᠶᠠᠲ᠋ᠷ ᠤᠳ ᠲᠤ ᠭᠠᠷᠴᠤ ᠪᠤᠢ ᠮᠣᠩᠭᠣᠯ ᠺᠢᠨᠤ᠋ ᠨᠤᠭᠤᠳ ᠤᠨ 9 ᠳ᠋ᠤᠭᠡᠷ ᠰᠠᠷ᠎ᠠ ᠶᠢᠨ ᠰᠡᠭᠦᠯ᠂ 10 ᠳ᠋ᠤᠭᠠᠷ ᠰᠠᠷ᠎ᠠ ᠶᠢᠨ ᠡᠬᠢᠨ ᠦ ᠡᠳᠦᠷ ᠦᠳ ᠦᠨ ᠪᠠᠶᠢᠳᠠᠯ ᠢᠶᠠᠷ ᠦᠵᠡᠭᠴᠢᠳ ᠦᠨ  ᠲᠤᠭ᠎ᠠ ᠪᠣᠯᠤᠨ ᠠᠰᠢᠭ ᠣᠷᠣᠯᠭ᠎ᠠ ᠪᠠᠷ ᠢᠶᠠᠨ ᠲᠡᠷᠢᠭᠦᠯᠡᠭᠰᠡᠨ ᠺᠢᠨᠣ᠋ ᠍ ᠪᠠᠷ 《ᠠᠯᠲᠠᠨ ᠥᠨᠳᠡᠭᠡ》 ᠬᠡᠮᠡᠬᠦ ᠠᠳᠠᠯ  ᠶᠠᠪᠤᠳᠠᠯᠲᠤ ᠢᠨᠢᠶᠡᠳᠦᠮ ᠦᠨ ᠺᠢᠨᠣ᠋ ᠲᠣᠳᠣᠷᠠᠵᠠᠢ᠃
ᠮᠣᠩᠭᠣᠯ ᠤᠨ ᠺᠢᠨᠣ᠋ ᠤᠷᠠᠯᠢᠭ ᠤᠨ  ᠰᠠᠯᠪᠤᠷᠢ ᠶᠢᠨ ᠬᠢᠨ ᠤ ᠠᠰᠢᠭ ᠣᠷᠣᠯᠭ᠎ᠠ ᠶᠢ ᠲᠣᠳᠣᠷᠬᠠᠶᠢᠯᠠᠬᠤ᠂ ᠺᠢᠨᠣᠴᠢᠳ ᠤᠨ ᠳᠤᠮᠳᠠ ᠰᠢᠳᠤᠷᠭᠤ ᠥᠷᠢᠰᠦᠯᠳᠦᠭᠡᠨ ᠪᠤᠢ ᠪᠣᠯᠭᠠᠬᠤ᠂ ᠦᠵᠡᠭᠴᠢᠳ ᠦᠨ ᠲᠣᠭ᠎ᠠ᠂ ᠰᠤᠳᠤᠯᠭ᠎ᠠ ᠶᠢ ᠲᠣᠳᠣᠷᠬᠠᠢ ᠪᠣᠯᠭᠠᠬᠤ ᠡᠭᠦᠳᠡᠨ ᠡᠴᠡ ᠨᠡᠶᠢᠰᠯᠡᠯ ᠦᠨ ᠺᠢᠨᠣ᠋ ᠲᠢᠶᠠᠲ᠋ᠷ ᠤᠳ ᠲᠤ ᠭᠠᠷᠴᠤ ᠪᠤᠢ ᠺᠢᠨᠤ᠋  ᠨᠤᠭᠤᠳ ᠤᠨ ᠣᠷᠣᠯᠭ᠎ᠠ ᠶᠢᠨ ᠮᠡᠳᠡᠭᠡᠯᠡᠯ ᠢ ᠣᠯᠠᠨ ᠨᠡᠶᠢᠲᠡ ᠳᠦ ᠴᠠᠭ ᠲᠤᠬᠠᠢ ᠪᠦᠷᠢ ᠳᠦ ᠨᠢ ᠮᠡᠳᠡᠭᠡᠯᠡᠵᠦ ᠪᠠᠶᠢᠬᠤ ᠠᠵᠢᠯ ᠢ ᠰᠢᠳᠤᠷᠭᠤ  ᠦᠷᠢᠰᠦᠯᠳᠦᠭᠡᠨ ᠬᠡᠷᠡᠭᠯᠡᠭᠴᠢ ᠶᠢᠨ ᠲᠥᠯᠥᠭᠡ  ᠭᠠᠵᠠᠷ᠍ ᠠᠴᠠ 2013 ᠣᠨ ᠠᠴᠠ ᠬᠡᠷᠡᠭᠵᠢᠭᠦᠯᠵᠦ ᠡᠬᠢᠯᠡᠭᠰᠡᠨ᠃《ᠠᠯᠲᠠᠨ ᠥᠨᠳᠡᠭᠡ》ᠺᠢᠨᠤ᠋  ᠶᠢ ᠮᠣᠩᠭᠣᠯ ᠤᠨ ᠦᠵᠡᠭᠴᠢᠳ ᠢ 《ᠰᠣᠯᠢᠶᠠᠲᠤ ᠡᠬᠡ》 ᠺᠢᠨᠣ᠋ ᠍ ᠪᠠᠷ ᠢᠶᠠᠨ 2017 ᠣᠨ ᠤ ᠲᠤᠷᠰᠢ ᠪᠠᠶᠢᠯᠳᠤᠨ ᠳᠠᠭᠠᠭᠤᠯᠤᠭᠰᠠᠨ  ᠵᠦᠴᠦᠭᠡᠴᠢᠨ ᠲ∙ ᠪᠠᠷᠰᠬᠦᠦ᠂ ᠢ᠊∙ᠣᠳᠣᠨᠴᠢᠮᠡᠭ ᠨᠠᠷ ᠪᠦᠲᠦᠭᠡᠭᠰᠡᠨ ᠪᠥᠭᠡᠳ  ᠺᠢᠨᠤ᠋  ᠶᠢᠨ ᠵᠢᠷᠤᠭ ᠠᠪᠤᠯᠲᠠ ᠭᠤᠷᠪᠠᠨ ᠵᠢᠯ ᠦᠨ ᠬᠤᠭᠤᠴᠠᠭᠠᠨ ᠳᠤ ᠦᠷᠭᠦᠯᠵᠢᠯᠡᠵᠦ᠂ 90  ᠬᠤᠪᠢ ᠶᠢ ᠬᠦᠬᠡᠬᠤᠲᠠ ᠳᠤ ᠂ ᠦᠯᠡᠳᠡᠭᠰᠡᠨ 10  ᠬᠤᠪᠢ ᠶᠢ ᠨᠢ ᠡᠬᠡ ᠣᠷᠣᠨ ᠳᠤ ᠪᠠᠨ ᠠᠪᠴᠤ᠂ ᠣᠯᠠᠨ ᠤᠯᠤᠰ ᠤᠨ  ᠺᠢᠨᠤ᠋  ᠶᠢᠨ ᠴᠢᠨᠠᠷ ᠰᠲ᠋ᠠᠨᠳᠠᠷᠲ ᠲᠤ ᠨᠡᠶᠢᠴᠡᠭᠦᠯᠦᠨ ᠪᠦᠲᠦᠭᠡᠵᠡᠢ᠃

ᠰᠡᠳᠬᠢᠭᠳᠡᠯ ᠦᠯᠡᠳᠡᠭᠡᠬᠦ