ᠪᠠᠶᠢᠭᠠᠯ ᠲᠢᠶᠠᠲ᠋ᠷ ᠪᠦᠲᠦᠭᠡᠯ ᠦᠳ ᠢᠶᠡᠨ ᠲᠣᠯᠢᠯᠠᠭᠤᠯᠤᠨ᠎ᠠ | News.MN

ᠪᠠᠶᠢᠭᠠᠯ ᠲᠢᠶᠠᠲ᠋ᠷ ᠪᠦᠲᠦᠭᠡᠯ ᠦᠳ ᠢᠶᠡᠨ ᠲᠣᠯᠢᠯᠠᠭᠤᠯᠤᠨ᠎ᠠ

ᠣᠷᠣᠰ ᠤᠨ ᠬᠣᠯᠪᠣᠭᠠᠨ ᠤ ᠤᠯᠤᠰ ᠤᠨ ᠪᠤᠷᠢᠶᠠᠳ ᠤᠨ ᠦᠨᠳᠦᠰᠦᠨ ᠦ ᠳᠠᠭᠤᠤ ᠪᠦᠵᠢᠭ ᠦᠨ 《ᠪᠠᠶᠢᠭᠠᠯ》ᠲᠢᠶᠠᠲ᠋ᠷ ᠠᠩᠬ᠎ᠠ ᠤᠳᠠᠭ᠎ᠠ ᠮᠣᠩᠭᠣᠯ ᠳᠤ ᠠᠶᠢᠯᠴᠢᠯᠠᠵᠤ᠂ ᠡᠨᠡ ᠰᠠᠷ᠎ᠠ ᠶᠢᠨ 22 ᠍ ᠠᠴᠠ ᠡᠬᠢᠯᠡᠨ ᠤᠷᠠᠨ ᠪᠦᠲᠦᠭᠡᠯ ᠦᠨ ᠳᠡᠭᠡᠵᠢ ᠪᠡᠨ ᠮᠣᠩᠭᠣᠯ ᠤᠨ ᠦᠵᠡᠭᠴᠢᠳ ᠲᠦ  ᠬᠦᠷᠭᠡᠭᠡᠳ᠂ ᠥᠨᠥᠳᠥᠷ ᠬᠠᠭᠠᠯᠲᠠ ᠶᠢᠨ ᠲᠣᠭᠯᠠᠯᠲᠠ ᠪᠠᠨ ᠬᠢᠵᠦ ᠪᠠᠶᠢᠨ᠎ᠠ᠃ ᠲᠣᠭᠯᠠᠯᠲᠠ ᠦᠨᠳᠦᠰᠦᠨ 3 ᠬᠡᠰᠡᠭ ᠡᠴᠡ ᠪᠦᠷᠢᠳᠦᠭᠰᠡᠨ ᠪᠥᠭᠡᠳ ︽ᠭᠠᠯ ᠺᠣᠨᠼᠧᠷᠲ︾᠂ ︽ᠪᠠᠷᠭᠤᠵᠢᠨ ᠲᠥᠬᠥᠮ︾ ᠳᠣᠮᠣᠭ ᠤᠨ ᠰᠡᠳᠦᠪᠲᠦ ᠪᠦᠵᠢᠭ ᠦᠨ ᠵᠦᠴᠦᠭᠡ ᠪᠡᠨ ᠲᠣᠯᠢᠯᠠᠭᠤᠯᠤᠭᠠᠳ ᠪᠠᠶᠢᠭ᠎ᠠ ᠶᠤᠮ᠃ ᠲᠤᠰ ᠲᠢᠶᠠᠲ᠋ᠷ ᠲᠤ ᠮᠣᠩᠭᠣᠯ ᠤᠨ ᠭᠤᠷᠪᠠᠨ ᠤᠷᠠᠨ ᠪᠦᠲᠦᠭᠡᠯᠴᠢ ᠠᠵᠢᠯᠯᠠᠳᠠᠭ ᠪᠥᠭᠡᠳ ᠲᠡᠳᠡᠨ ᠦ ᠨᠢᠭᠡ ᠭᠣᠴᠣᠯᠠᠯ ᠳᠠᠭᠤᠴᠢᠨ ᠪ∙ᠭᠠᠩᠴᠡᠴᠡᠭ ᠡᠴᠡ ᠰᠡᠳᠬᠢᠭᠳᠡᠯ ᠢ ᠨᠢ ᠰᠤᠨᠤᠰᠪᠠ᠃
ᠲᠡᠷᠡ᠄ ᠪᠠᠶᠢᠭᠠᠯ ᠲᠢᠶᠠᠲ᠋ᠷ ᠤᠨ ᠲᠣᠭᠯᠠᠯᠲᠠ ᠶᠢ ᠮᠠᠨ ᠤ ᠦᠵᠡᠭᠴᠢᠳ ᠮᠠᠰᠢ ᠬᠠᠯᠠᠭᠤᠨ ᠢᠶᠠᠷ ᠬᠦᠯᠢᠶᠡᠵᠦ ᠠᠪᠴᠤ ᠪᠤᠢ ᠳᠤ ᠪᠠᠶᠠᠷᠲᠠᠢ ᠪᠠᠶᠢᠨ᠎ᠠ᠃ ᠮᠣᠩᠭᠣᠯ ᠳᠤ ᠲᠣᠭᠯᠠᠯᠲᠠ ᠬᠢᠬᠦ ᠶᠢ ᠬᠦᠰᠡᠳᠡᠭ ᠪᠠᠶᠢᠭᠰᠠᠨ ᠴᠤ ᠨᠥᠬᠥᠴᠡᠯ ᠨᠢ ᠪᠦᠷᠢᠳᠳᠡᠭ ᠦᠭᠡᠢ ᠪᠠᠶᠢᠯ᠎ᠠ᠃ ᠬᠠᠷᠢᠨ ᠡᠨᠡ ᠤᠳᠠᠭ᠎ᠠ ᠣᠯᠠᠨ ᠬᠦᠮᠦᠨ ᠦ ᠳᠡᠮᠵᠢᠯᠭᠡ ᠲᠤᠰᠠᠯᠠᠯᠴᠠᠭ᠎ᠠ ᠲᠠᠢ ᠤᠷᠠᠨ ᠪᠦᠲᠦᠭᠡᠯ ᠢᠶᠡᠨ ᠡᠯᠢᠭᠡ ᠨᠢᠭᠡᠲᠦ ᠠᠬᠠᠨ ᠳᠡᠭᠦᠰ ᠲᠦ ᠪᠡᠨ ᠲᠣᠯᠢᠯᠠᠭᠤᠯᠵᠤ ᠪᠠᠶᠢᠭ᠎ᠠ ᠳᠤ ᠪᠠᠨ ᠪᠠᠶᠠᠷᠲᠠᠢ ᠪᠠᠶᠢᠨ᠎ᠠ ᠬᠡᠮᠡᠪᠡ᠃

ᠰᠡᠳᠬᠢᠭᠳᠡᠯ ᠦᠯᠡᠳᠡᠭᠡᠬᠦ