ᠤᠯᠤᠰ ᠤᠨ ᠬᠡᠮᠵᠢᠶᠡᠨ ᠳᠦ 69.0 ᠰᠠᠶ᠎ᠠ ᠲᠣᠯᠣᠭᠠᠢ ᠮᠠᠯ ᠡᠪᠦᠯᠵᠢᠵᠦ᠂ ᠬᠠᠪᠤᠷᠵᠢᠬᠤ ᠲᠥᠯᠥᠪᠲᠡᠢ ᠪᠠᠶᠢᠨ᠎ᠠ ᠬᠡᠮᠡᠨ ᠬᠦᠳᠡᠭᠡ ᠠᠵᠤ ᠠᠬᠤᠢ ᠶᠢᠨ ᠶᠠᠮᠤᠨ ᠍ ᠠᠴᠠ ᠮᠡᠳᠡᠭᠡᠯᠡᠵᠡᠢ᠃ ᠡᠨᠡ ᠣᠨ ᠳᠤ ᠨᠡᠶᠢᠲᠡ 19.2 ᠰᠠᠶ᠎ᠠ ᠮᠠᠯ ᠲᠥᠯᠯᠡᠵᠦ᠂ 18.2 ᠰᠠᠶ᠎ᠠ ᠲᠣᠯᠣᠭᠠᠢ ᠲᠥᠯ ᠬᠦᠯᠢᠶᠡᠨ ᠠᠪᠤᠭᠰᠠᠨ ᠪᠠᠶᠢᠨ᠎ᠠ᠃ ᠣᠳᠣ ᠶᠢᠨ ᠪᠠᠶᠢᠳᠠᠯ ᠢᠶᠠᠷ 80.0 ᠭᠠᠷᠤᠢ ᠰᠠᠶ᠎ᠠ ᠲᠣᠯᠣᠭᠠᠢ ᠮᠠᠯ ᠨᠠᠮᠤᠷᠵᠢᠵᠤ ᠪᠠᠶᠢᠭ᠎ᠠ ᠶᠤᠮ ᠃
2018 ᠣᠨ ᠤ ᠵᠢᠯ ᠦᠨ ᠡᠴᠦᠰ ᠦᠨ ᠮᠠᠯ ᠲᠣᠭᠠᠯᠠᠯᠭ᠎ᠠ ᠶᠢᠨ ᠳ᠋ᠦᠩ ᠢᠶᠡᠨ ᠪᠦᠬᠦ ᠱᠠᠲᠤᠨ ᠤ ᠮᠡᠷᠭᠡᠵᠢᠯ ᠦᠨ ᠪᠠᠶᠢᠭᠤᠯᠤᠯᠭ᠎ᠠ ᠲᠠᠢ ᠬᠠᠮᠲᠤᠷᠠᠨ ᠵᠣᠬᠢᠶᠠᠨ ᠪᠠᠶᠢᠭᠤᠯᠬᠤ ᠪᠠᠷ ᠪᠡᠯᠡᠳᠬᠡᠯ ᠠᠵᠢᠯ ᠳᠤ ᠪᠠᠨ ᠣᠷᠣᠭᠠᠳ ᠪᠠᠶᠢᠭ᠎ᠠ ᠲᠠᠯ᠎ᠠ ᠪᠠᠷ ᠶᠠᠮᠤᠨ ᠤ ᠮᠡᠷᠭᠡᠵᠢᠯᠲᠡᠨ ᠨᠦᠭᠦᠳ ᠬᠡᠯᠡᠭᠰᠡᠨ ᠪᠠᠶᠢᠨ᠎ᠠ᠃ ᠤᠯᠠᠮ ᠢᠶᠠᠷ 339 ᠰᠤᠮᠤ᠂ ᠳᠡᠭᠦᠷᠭᠡ ᠳᠦ ᠲᠣᠭᠠᠯᠠᠯᠭ᠎ᠠ ᠶᠢ ᠮᠠᠯᠴᠢᠨ ᠤ ᠬᠤᠲᠠᠨ ᠳᠤ ᠨᠢᠭᠡ ᠪᠥᠷᠢᠴᠢᠯᠡᠨ ᠶᠠᠪᠤᠭᠤᠯᠵᠤ ᠡᠭᠦᠯᠳᠡᠷ᠂ ᠣᠮᠤᠭ ᠤᠨ ᠮᠠᠯ ᠤᠨ ᠲᠥᠷᠥᠯ ᠵᠦᠢᠯ᠂ ᠠᠰᠢᠭ ᠰᠢᠮ᠎ᠡ᠂ ᠨᠠᠰᠤ ᠬᠦᠢᠰᠦ᠂ ᠦᠷᠡᠵᠢᠯ ᠦᠨ ᠮᠠᠯ ᠢ ᠪᠠᠶᠢᠷᠢᠰᠢᠯ ᠢᠶᠠᠷ ᠨᠠᠷᠢᠪᠴᠢᠯᠠᠨ ᠭᠠᠷᠭᠠᠬᠤ᠂ ᠪᠦᠷᠢᠳᠬᠡᠯᠵᠢᠭᠦᠯᠬᠦ ᠠᠵᠠᠢ᠃ ᠤᠯᠠᠮ ᠢᠶᠠᠷ ᠮᠠᠯ ᠤᠨ ᠲᠥᠯᠥᠪ ᠪᠠᠶᠢᠳᠠᠯ ᠤᠨ ᠦᠨᠡᠯᠡᠭᠡ ᠬᠢᠬᠦ᠂ ᠬᠠᠮᠠᠭᠠᠯᠠᠬᠤ᠂ ᠵᠣᠬᠢᠰᠲᠠᠢ ᠠᠰᠢᠭᠯᠠᠬᠤ ᠰᠤᠳᠤᠯᠤᠨ ᠬᠥᠭᠵᠢᠭᠦᠯᠬᠦ᠂ ᠭᠸᠨᠢᠲ᠋ᠢᠺ ᠨᠥᠭᠡᠴᠡ ᠶᠢᠨ ᠰᠠᠩ ᠪᠦᠷᠢᠳᠦᠭᠦᠯᠬᠦ ᠠᠵᠢᠯ ᠢ ᠵᠣᠬᠢᠶᠠᠨ ᠪᠠᠶᠢᠭᠤᠯᠵᠤ ᠦᠢᠯᠡ ᠠᠵᠢᠯᠯᠠᠭᠠᠨ ᠤ ᠲᠠᠶᠢᠯᠤᠨ ᠢ ᠤᠯᠤᠰ ᠤᠨ ᠶᠡᠬᠡ ᠬᠤᠷᠠᠯ ᠳᠦ ᠲᠠᠨᠢᠯᠴᠠᠭᠤᠯᠬᠤ ᠶᠤᠮ ᠪᠠᠶᠢᠨ᠎ᠠ᠃