ᠲᠠᠪᠤᠨᠲᠣᠯᠣᠭᠠᠢ  ᠶᠢᠨ ᠴᠠᠬᠢᠯᠭᠠᠨ ᠰᠲ᠋ᠠᠨᠼ ᠢ ᠲᠡᠷᠪᠤᠮ ᠳ᠋ᠣᠯᠯᠠᠷ ᠢᠶᠠᠷ ᠪᠠᠷᠢᠨ᠎ᠠ | News.MN

ᠲᠠᠪᠤᠨᠲᠣᠯᠣᠭᠠᠢ  ᠶᠢᠨ ᠴᠠᠬᠢᠯᠭᠠᠨ ᠰᠲ᠋ᠠᠨᠼ ᠢ ᠲᠡᠷᠪᠤᠮ ᠳ᠋ᠣᠯᠯᠠᠷ ᠢᠶᠠᠷ ᠪᠠᠷᠢᠨ᠎ᠠ

ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠢᠶᠠᠷ ᠡᠷᠴᠢᠮ ᠬᠦᠴᠦᠨ ᠦ ᠰᠠᠯᠪᠤᠷᠢ ᠶᠢ ᠬᠥᠭᠵᠢᠭᠦᠯᠬᠦ ᠳᠤᠮᠳᠠ ᠬᠤᠭᠤᠴᠠᠭᠠᠨ ᠤ ᠬᠥᠲᠥᠯᠪᠦᠷᠢ ᠶᠢ ᠪᠠᠲᠤᠯᠠᠵᠠᠢ᠃ ᠤᠭ ᠠᠰᠠᠭᠤᠳᠠᠯ ᠢᠶᠠᠷ ᠡᠷᠴᠢᠮ ᠬᠦᠴᠦᠨ ᠦ ᠰᠠᠶᠢᠳ ᠼ∙ᠳᠠᠸᠠᠰᠦ᠋ᠷᠦᠩ ᠮᠡᠳᠡᠭᠡᠯᠡᠯ ᠬᠢᠯ᠎ᠡ᠃
ᠲᠡᠷᠡ᠄ ᠡᠷᠴᠢᠮ ᠬᠦᠴᠦᠨ ᠦ ᠰᠠᠯᠪᠤᠷᠢ ᠳᠤ ᠣᠯᠭᠤᠭᠰᠠᠨ ᠲᠤᠰᠬᠠᠢ ᠵᠥᠪᠰᠢᠶᠡᠷᠡᠯ ᠦᠳ ᠢ ᠴᠡᠭᠴᠡᠯᠡᠬᠦ ᠵᠣᠷᠢᠯᠭ᠎ᠠ ᠪᠠᠷ ᠳᠤᠮᠳᠠ ᠬᠤᠭᠤᠴᠠᠭᠠᠨ ᠤ ᠬᠥᠲᠥᠯᠪᠦᠷᠢ ᠪᠠᠲᠤᠯᠠᠵᠤ ᠪᠠᠶᠢᠭ᠎ᠠ᠃ ᠡᠨᠡ ᠬᠥᠲᠥᠯᠪᠦᠷᠢ ᠶᠢᠨ ᠬᠦᠷᠢᠶᠡᠨ ᠳᠦ 2021 ᠣᠨ ᠬᠦᠷᠲᠡᠯ᠎ᠡ ᠲᠣᠳᠣᠷᠬᠠᠢ ᠰᠢᠨ᠎ᠡ ᠡᠬᠢ  ᠡᠭᠦᠰᠪᠦᠷᠢ ᠨᠦᠭᠦᠳ ᠢ ᠪᠠᠷᠢᠨ᠎ᠠ᠃ ᠲᠤᠬᠠᠶᠢᠯᠠᠪᠠᠯ᠂  ᠭᠤᠷᠪᠠᠳᠤᠭᠠᠷ ᠰᠲ᠋ᠠᠨᠼ ᠳᠡᠭᠡᠷ᠎ᠡ ᠬᠣᠶᠠᠷ ᠠᠵᠢᠯ ᠢ ᠡᠬᠢᠯᠡᠭᠦᠯᠵᠦ᠂ 250 ᠮᠸᠭᠢᠸᠠᠲ ᠢᠶᠠᠷ ᠥᠷᠭᠡᠳᠬᠡᠵᠦ᠂ 75 ᠮᠸᠭᠢᠸᠠᠲ ᠢᠶᠠᠷ ᠬᠦᠴᠦᠨ ᠴᠢᠳᠠᠯ ᠢ ᠨᠡᠮᠡᠨ᠎ᠡ᠃  ᠳᠦᠷᠪᠡᠳᠦᠭᠡᠷ ᠰᠲ᠋ᠠᠨᠼ ᠳᠡᠭᠡᠷ᠎ᠡ 1-4 ᠭᠧᠨᠧᠷᠠᠲ᠋ᠣᠷ ᠤᠨ ᠰᠢᠨᠡᠴᠢᠯᠡᠯ ᠬᠢᠵᠦ ᠬᠦᠴᠦᠨ ᠴᠢᠳᠠᠯ ᠢ 92 ᠮᠸᠭᠢᠸᠠᠲ ᠢᠶᠠᠷ ᠨᠡᠮᠡᠭᠳᠡᠭᠦᠯᠦᠨ᠎ᠡ᠃ ᠠᠮᠤᠭᠤᠯᠠᠩ ᠤᠨ ᠳᠤᠯᠠᠭᠠᠨ ᠤ  ᠰᠲ᠋ᠠᠨᠼ ᠢ 50 ᠮᠸᠭᠢᠸᠠᠲ  ᠤᠨ ᠡᠷᠴᠢᠮ ᠬᠦᠴᠦ ᠦᠢᠯᠡᠳᠪᠦᠷᠢᠯᠡᠳᠡᠭ ᠪᠣᠯᠭᠠᠨ᠎ᠠ᠃ ᠲᠡᠭᠡᠪᠡᠯ ᠵᠢᠯ ᠦᠨ ᠳᠥᠷᠪᠡᠨ ᠤᠯᠠᠷᠢᠯ ᠳᠤ ᠠᠰᠢᠭᠲᠠᠢ ᠠᠵᠢᠯᠯᠠᠳᠠᠭ ᠰᠲ᠋ᠠᠨᠼ ᠪᠣᠯᠤᠨ᠎ᠠ᠃    ᠡᠨᠡ ᠵᠢᠯ 300 ᠺᠢᠯᠤᠸᠠᠲ ᠤᠨ ᠱᠤᠭᠤᠮ ᠢ ᠤᠯᠠᠭᠠᠨᠪᠠᠭᠠᠲᠤᠷ ᠮᠠᠨᠳᠠᠯᠭᠣᠪᠢ ᠬᠣᠶᠠᠷ ᠤᠨ ᠬᠣᠭᠣᠷᠣᠨᠳᠣ ᠪᠠᠷᠢᠵᠤ ᠪᠠᠶᠢᠭ᠎ᠠ᠃ 400-500 ᠮᠸᠭᠢᠸᠠᠲ  ᠤᠨ ᠡᠬᠢ ᠡᠭᠦᠰᠪᠦᠷᠢ ᠨᠡᠮᠡᠭᠳᠡᠭᠦᠯᠪᠡᠯ ᠤᠭ᠍ᠶᠤᠲᠤᠯᠤᠭᠠᠢ ᠶᠢ ᠡᠷᠴᠢᠮ ᠬᠦᠴᠦ ᠪᠡᠷ ᠬᠠᠩᠭᠠᠬᠤ ᠡᠬᠢ ᠡᠭᠦᠰᠪᠦᠷᠢ ᠪᠤᠢ ᠪᠣᠯᠤᠨ᠎ᠠ᠃
ᠣᠷᠣᠰ  ᠤᠨ 400-500 ᠰᠠᠶ᠎ᠠ ᠳ᠋ᠣᠯᠯᠠᠷ ᠤᠨ ᠬᠥᠩᠭᠡᠯᠡᠯᠲᠡ ᠲᠡᠢ ᠵᠢᠭᠡᠯᠡ ᠪᠡᠷ ᠭᠤᠷᠪᠠ᠂ ᠳᠥᠷᠪᠡᠳᠦᠭᠡᠷ ᠴᠠᠬᠢᠯᠭᠠᠨ ᠰᠲ᠋ᠠᠨᠼ ᠢ ᠥᠷᠭᠡᠳᠬᠡᠨ᠎ᠡ᠃  ᠡᠷᠳᠡᠨᠢᠪᠦ᠋ᠷᠢᠨ ᠦ ᠤᠰᠤᠨ ᠴᠠᠬᠢᠯᠭᠠᠨ ᠰᠲ᠋ᠠᠨᠼ ᠤᠨ ᠲᠧᠭᠨᠢᠭ ᠡᠳ᠋ ᠍ ᠦᠨ ᠵᠠᠰᠠᠭ ᠤᠨ ᠦᠨᠳᠦᠰᠦᠯᠡᠯ ᠢ ᠨᠢ ᠬᠢᠵᠦ ᠪᠠᠶᠢᠨ᠎ᠠ᠃ ᠲᠠᠪᠤᠨᠲᠣᠯᠣᠭᠠᠢ ᠳᠡᠭᠡᠷ᠎ᠡ ᠪᠠᠷᠢᠬᠤ ᠴᠠᠬᠢᠯᠭᠠᠨ ᠰᠲ᠋ᠠᠨᠼ ᠢ 700  ᠰᠠᠶ᠎ᠠ ᠠᠴᠠ ᠨᠢᠭᠡ ᠲᠡᠷᠪᠤᠮ ᠳ᠋ᠣᠯᠯᠠᠷ ᠢᠶᠠᠷ ᠪᠠᠷᠢᠬᠤ ᠪᠣᠯᠪᠠ ᠤᠤ ᠭᠡᠵᠦ ᠲᠣᠭᠠᠴᠠᠭᠠᠯᠠᠵᠤ ᠪᠠᠶᠢᠭ᠎ᠠ᠃  ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨᠼ ᠪᠠᠷᠢᠬᠤ ᠳᠤ ᠭᠣᠣᠯ ᠳᠤ ᠤᠷᠤᠰᠴᠠ ᠶᠢᠨ ᠬᠤᠪᠢ ᠳᠤ ᠨᠥᠯᠥᠭᠡᠯᠡᠬᠦ ᠦᠭᠡᠢ ᠭᠡᠰᠡᠨ ᠳ᠋ᠦᠩᠨᠡᠯᠲᠡ ᠭᠠᠷᠤᠭᠰᠠᠨ᠃ ᠣᠳᠣ ᠪᠢᠣᠯᠣᠭᠢ ᠶᠢᠨ ᠰᠤᠳᠤᠯᠭ᠎ᠠ ᠶᠢ ᠬᠢᠬᠦ ᠶᠣᠰᠣᠲᠠᠢ᠃ ᠡᠨᠡ ᠴᠢᠭᠯᠡᠯ ᠢᠶᠡᠷ ᠲᠥᠰᠥᠯ ᠦᠨ  ᠨᠢᠭᠡᠴᠢ ᠨᠢ ᠠᠵᠢᠯᠯᠠᠵᠤ ᠪᠠᠶᠢᠭ᠎ᠠ᠃ ᠡᠮᠦᠨ᠎ᠡ ᠨᠢ ᠶᠡᠬᠡ ᠬᠡᠮᠵᠢᠶᠡᠨ ᠦ ᠮᠥᠩᠭᠥ ᠵᠠᠷᠤᠴᠠᠭᠤᠯᠤᠭᠰᠠᠨ ᠪᠠᠶᠢᠨ᠎ᠠ ᠪᠢᠯᠡ᠃ ᠡᠨᠡ ᠮᠥᠩᠭᠥ ᠶᠢ ᠶᠠᠭᠤᠨ ᠳᠤ ᠵᠠᠷᠤᠴᠠᠭᠤᠯᠤᠭᠰᠠᠨ ᠪᠤᠢ ᠭᠡᠳᠡᠭ ᠢ ᠰᠢᠯᠭᠠᠬᠤ ᠱᠠᠭᠠᠷᠳᠠᠯᠭ᠎ᠠ ᠲᠠᠢ᠃

ᠰᠡᠳᠬᠢᠭᠳᠡᠯ ᠦᠯᠡᠳᠡᠭᠡᠬᠦ