ᠰᠢᠩᠭᠠᠫᠦᠷ ᠤᠨ ᠲᠡᠷᠪᠤᠮᠲᠠᠨ ᠬᠡᠤᠬᠡᠳ ᠲᠤ ᠲᠤᠰᠠᠯᠠᠵᠤ ᠪᠠᠶᠢᠨ᠎ᠠ | News.MN

ᠰᠢᠩᠭᠠᠫᠦᠷ ᠤᠨ ᠲᠡᠷᠪᠤᠮᠲᠠᠨ ᠬᠡᠤᠬᠡᠳ ᠲᠤ ᠲᠤᠰᠠᠯᠠᠵᠤ ᠪᠠᠶᠢᠨ᠎ᠠ

ᠰᠢᠩᠭᠠᠫᠦᠷ ᠤᠯᠤᠰ ᠤᠨ ᠲᠡᠷᠪᠤᠮᠲᠠᠨ ᠫᠧᠲ᠋ᠧᠷ ᠯᠢᠮ ᠦᠨ ᠥᠪ ᠵᠠᠯᠭᠠᠮᠵᠢᠯᠠᠭᠴᠢ ᠺᠢᠮ ᠯᠢᠮ ᠮᠣᠩᠭᠣᠯ ᠤᠯᠤᠰ ᠳᠦ ᠢᠷᠡᠵᠦ᠂  ᠠᠮᠢᠵᠢᠷᠠᠭᠠᠨ ‍ᠣ ᠲᠦᠪᠰᠢᠨ  ᠳᠤᠭᠤᠤᠷ ᠡᠷᠦᠬᠡ ᠪᠣᠯᠤᠨ ᠣᠷᠣᠨ ᠭᠡᠷ ᠦᠭᠡᠢ᠂ ᠥᠨᠥᠴᠢᠨ ᠬᠡᠦᠬᠡᠳ ᠦᠳ ᠲᠦ ᠲᠤᠰᠠᠯᠠᠬᠤ ᠲᠤᠬᠠᠢ ᠮᠡᠳᠡᠭᠡᠯᠡᠯ ᠭᠠᠷᠴᠤ ᠪᠠᠶᠢᠭᠰᠠᠨ ᠶᠤᠮ᠃ ᠮᠣᠩᠭᠣᠯ ᠳᠤ ᠠᠮᠢᠳᠤᠷᠠᠳᠠᠭ ᠰᠢᠩᠭᠠᠫᠦᠷ ᠤᠨ ᠪᠠᠶᠠᠴᠤᠳ ᠤᠨ ᠨᠢᠭᠡ ᠪᠣᠯᠬᠤ ᠪᠢᠯᠯᠢ ᠯᠢᠮ ᠲᠡᠭᠦᠨ ᠢ ᠮᠣᠩᠭᠣᠯᠴᠤᠳ ᠲᠤ ᠲᠤᠰᠠᠯᠠᠬᠤ ᠶᠢ ᠰᠠᠨᠠᠯ ᠪᠣᠯᠭᠠᠵᠤ  ᠪᠠᠶᠢᠵᠠᠢ᠃ ᠺᠢᠮ ᠯᠢᠮ ᠠᠷᠪᠠᠳᠤᠭᠠᠷ ᠰᠠᠷ᠎ᠠ ᠶᠢᠨ 22 ᠍ ᠤ ᠡᠳᠦᠷ  ᠰᠤᠩᠭᠢᠨ᠎ᠠ ᠬᠠᠶᠢᠷᠬᠠᠨ ᠳᠡᠭᠦᠷᠭᠡ ᠶᠢᠨ ᠨᠤᠲᠤᠭ ᠳᠡᠪᠢᠰᠬᠡᠷ ᠢᠶᠡᠷ ᠶᠠᠪᠤᠵᠤ᠂ ᠵᠤᠨ ᠤ ᠠᠮᠪᠠᠷ ᠲᠤ ᠠᠮᠢᠳᠤᠷᠠᠵᠤ ᠪᠤᠢ ᠠᠶᠢᠯ ᠡᠷᠦᠬᠡ ᠨᠦᠭᠦᠳ ᠢᠶᠡᠷ ᠣᠷᠣᠵᠤ ᠲᠠᠨᠢᠯᠴᠠᠭᠰᠠᠨ ᠪᠠᠶᠢᠨ᠎ᠠ᠃ ᠮᠥᠨ ︽ᠡᠷᠳᠡᠮ︾ ᠬᠡᠦᠬᠡᠳ ᠦᠨ ᠠᠰᠠᠷᠠᠬᠤ ᠲᠥᠪ ᠢᠶᠡᠷ ᠣᠷᠣᠵᠤ ᠬᠡᠦᠬᠡᠳ ᠦᠳ ᠲᠡᠢ ᠠᠭᠤᠯᠵᠠᠨ᠂ ᠦᠢᠯᠡ ᠠᠵᠢᠯᠯᠠᠭ᠎ᠠ ᠲᠠᠢ ᠨᠢ ᠲᠠᠨᠢᠯᠴᠠᠭᠰᠠᠨ ᠪᠠᠶᠢᠨ᠎ᠠ᠃ ᠠᠷᠪᠠᠳᠤᠭᠠᠷ ᠰᠠᠷ᠎ᠠ ᠶᠢᠨ 23 ᠍ ᠳᠦ ᠪᠤᠶᠤ ᠥᠴᠥᠭᠡᠳᠦᠷ ᠲᠥᠪ ᠠᠶᠢᠮᠠᠭ ᠲᠤ ᠣᠴᠢᠵᠤ ᠠᠵᠢᠯᠯᠠᠭᠰᠠᠨ ᠪᠠᠶᠢᠨ᠎ᠠ᠃
ᠲᠡᠷᠡ ᠪᠡᠷ ᠴᠢᠨᠠᠭᠰᠢᠳᠠ ᠰᠠᠶᠢᠨ ᠦᠢᠯᠡᠰ ᠦᠨ ᠰᠠᠩ ᠪᠠᠶᠢᠭᠤᠯᠵᠤ ᠮᠣᠩᠭᠣᠯ ᠳᠤ ᠲᠦᠯᠬᠢᠭᠦᠦ ᠠᠵᠢᠯᠯᠠᠬᠤ ᠰᠣᠨᠢᠷᠬᠠᠯᠲᠠᠢ ᠪᠠᠶᠢᠭ᠎ᠠ ᠪᠠᠨ ᠢᠯᠡᠷᠬᠡᠶᠢᠯᠡᠵᠡᠢ᠃ ᠡᠭᠦᠨ ᠦ ᠳᠠᠷᠠᠭ᠎ᠠ ᠥᠪᠡᠷ ᠦᠨ ᠢᠨᠰᠲ᠋ᠠᠭᠷᠠᠮ ᠬᠠᠭᠤᠳᠠᠰᠤᠨ ᠳᠤ ᠪᠠᠨ ︽ᠬᠦᠮᠦᠨ ᠪᠦᠷᠢ ᠳᠦ ᠦᠨᠡᠬᠡᠷ ᠲᠠᠯᠠᠷᠬᠠᠵᠤ ᠪᠠᠶᠢᠨ᠎ᠠ》 ᠬᠡᠮᠡᠨ ᠨᠡᠶᠢᠲᠡᠯᠡᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ