ᠥᠨᠥᠳᠥᠷ ᠮᠣᠩᠭᠣᠯ ᠤᠯᠤᠰ ᠤᠨ ᠶᠡᠷᠦᠩᠬᠡᠢ ᠰᠠᠶᠢᠳ ᠤ᠊∙ᠬᠦᠷᠡᠯᠰᠦ᠋ᠬᠡ ᠠᠯᠪᠠᠨ ᠡᠭᠦᠷᠭᠡ ᠪᠡᠨ ᠭᠦᠢᠴᠡᠳᠭᠡᠵᠦ ᠶᠠᠪᠤᠭᠠᠳ ᠬᠠᠷᠠᠮᠰᠠᠯᠲᠠᠢ ᠪᠠᠷ ᠠᠮᠢ ᠪᠠᠨ ᠠᠯᠳᠠᠭᠰᠠᠨ ᠴᠠᠭᠳᠠᠭ᠎ᠠ ᠶᠢᠨ ᠠᠬᠠᠯᠠᠬᠤ ᠠᠬᠠᠯᠠᠭᠴᠢ ᠳ∙ᠪᠠᠲᠤᠰᠠᠶᠢᠬᠠᠨ ᠤ ᠭᠡᠷ ᠪᠦᠯᠢ ᠳᠦ ᠵᠠᠰᠠᠭ ᠤᠨ ᠭᠠᠵᠠᠷ ᠤᠨ ᠥᠨᠥᠳᠥᠷ ᠦᠨ ᠬᠤᠷᠠᠯᠳᠤᠭᠠᠨ ᠦ ᠲᠤᠭᠲᠠᠭᠠᠯ ᠤᠨ ᠳᠠᠭᠠᠤ ᠰᠣᠩᠭᠢᠨ᠎ᠠ ᠬᠠᠶᠢᠷᠬᠠᠨ ᠳᠡᠭᠦᠷᠭᠡ ᠶᠢᠨ ᠵᠢᠷᠭᠤᠳᠤᠭᠠᠷ ᠬᠣᠷᠢᠶᠠᠨ ᠳᠤ ᠪᠠᠶᠢᠷᠢᠯᠠᠬᠤ ︽ ᠸᠴᠢᠷ︾ ᠬᠣᠲᠠᠬᠠᠨ ᠣ 60 ᠺᠦᠸᠠᠳ᠋ ᠮᠸᠲᠷ ᠲᠠᠯᠠᠪᠠᠢ ᠪᠦᠬᠦᠢ ᠬᠣᠶᠠᠷ ᠥᠷᠥᠭᠡ ᠪᠠᠶᠢᠷᠢᠨ ᠤ ᠭᠡᠷᠡᠴᠢᠯᠡᠭᠡ ᠶᠢ ᠭᠠᠷᠳᠠᠭᠤᠯᠤᠨ ᠥᠭᠭᠦᠭᠰᠡᠨ ᠶᠤᠮ᠃
ᠤ᠊∙ᠬᠦᠷᠡᠯᠰᠦ᠋ᠬᠡ ᠰᠠᠶᠢᠳ ᠲᠠᠯᠢᠢᠭᠠᠴᠢ ᠶᠢᠨ ᠲᠣᠮᠣ ᠬᠦᠦ ᠳᠦ ︽ᠲᠠᠨ ᠤ ᠠᠪᠤ ᠪᠣᠯ ᠵᠢᠩᠬᠢᠨᠢ ᠡᠬᠡ ᠣᠷᠣᠨᠴᠢ ᠬᠦᠮᠦᠨ ᠪᠠᠶᠢᠭᠰᠠᠨ ᠰᠢᠦ᠃ ᠠᠪᠤ ᠪᠠᠷ ᠢᠶᠠᠨ ᠪᠠᠶᠢᠩᠭᠤ ᠪᠠᠬᠠᠷᠬᠠᠵᠤ ᠶᠠᠪᠤᠭᠠᠷᠠᠢ᠃ ᠵᠢᠩᠬᠢᠨᠢ ᠴᠡᠷᠢᠭ ᠪᠠᠶᠢᠭᠰᠠᠨ ᠶᠤᠮ ᠰᠢᠦ︾ ᠬᠡᠮᠡᠨ ᠬᠡᠯᠡᠭᠡᠳ ᠬᠠᠲᠠᠭᠤᠵᠢᠯᠲᠠᠢ᠂ ᠰᠠᠶᠢᠨ ᠡᠷ᠎ᠡ ᠬᠦᠮᠦᠨ ᠪᠣᠯᠵᠤ ᠥᠰᠬᠦ ᠶᠢ ᠬᠦᠰᠡᠨ ᠢᠷᠦᠭᠡᠪᠡ᠃