ᠴ∙ᠯᠣᠳᠤᠶᠢᠳᠠᠮᠪᠠ ᠶᠢᠨ ᠵᠤᠬᠢᠶᠠᠯ  ᠢ ᠰᠤᠷᠲᠠᠯᠴᠢᠯᠠᠬᠤ ᠠᠶᠠᠨ ᠥᠷᠨᠢᠭᠦᠯᠦᠯ᠎ᠡ | News.MN

ᠴ∙ᠯᠣᠳᠤᠶᠢᠳᠠᠮᠪᠠ ᠶᠢᠨ ᠵᠤᠬᠢᠶᠠᠯ  ᠢ ᠰᠤᠷᠲᠠᠯᠴᠢᠯᠠᠬᠤ ᠠᠶᠠᠨ ᠥᠷᠨᠢᠭᠦᠯᠦᠯ᠎ᠡ

ᠬᠣᠪᠲᠣ ᠠᠶᠢᠮᠠᠭ ᠤᠨ ᠨᠡᠶᠢᠲᠡ ᠶᠢᠨ ᠨᠣᠮ ᠤᠨ ᠰᠠᠩ ᠤᠨ ᠬᠠᠮᠲᠤ ᠣᠯᠠᠨ ᠲᠥᠷᠦ ᠶᠢᠨ ᠬᠣᠱᠣᠢ ᠱᠠᠩᠨᠠᠯᠲᠤ᠂ ᠰᠣᠩᠭᠣᠳᠠᠭ ᠵᠣᠬᠢᠶᠠᠯᠴᠢ  ᠴᠢᠳᠠᠷᠠᠪᠠᠯ ᠤᠨ ᠯᠣᠳᠤᠶᠢᠳᠠᠮᠪᠠ ᠶᠢᠨ 101 ᠨᠠᠰᠤᠨ ᠤ ᠣᠢ ᠳᠤ ᠵᠣᠷᠢᠭᠤᠯᠤᠨ ᠲᠡᠭᠦᠨ ᠦ ᠤᠷᠠᠨ ᠪᠦᠲᠦᠭᠡᠯ ᠢ ᠤᠩᠰᠢᠭᠴᠢᠳ ᠲᠤ ᠰᠤᠷᠲᠠᠯᠴᠢᠯᠠᠬᠤ ᠠᠵᠢᠯ ᠵᠣᠬᠢᠶᠠᠨ ᠪᠠᠶᠢᠭᠤᠯᠤᠯ᠎ᠠ᠃ ᠡᠨᠡ ᠦᠶ᠎ᠡ ᠪᠡᠷ ᠤᠩᠰᠢᠭᠴᠢᠳ ᠤᠨ ᠨᠡᠶᠢᠭᠡᠮ ᠤᠨ ᠰᠡᠳᠬᠢᠯᠭᠡ ᠶᠢ ᠢᠳᠡᠪᠬᠢᠵᠢᠭᠦᠯᠬᠦ᠂ ᠤᠩᠰᠢᠭᠰᠠᠨ ᠨᠣᠮ ᠤᠨ ᠢᠶᠠᠨ ᠠᠭᠤᠯᠭ᠎ᠠ ᠶᠢ ᠪᠠᠶᠠᠵᠢᠭᠤᠯᠵᠤ ᠪᠦᠲᠦᠭᠡᠯᠴᠢ ᠪᠡᠷ ᠰᠡᠳᠭᠢᠭᠦ᠂ ᠥᠪᠡᠷᠰᠡᠳ ᠢᠶᠡᠨ ᠲᠤᠭᠤᠷᠪᠢᠵᠤ ᠪᠦᠲᠦᠭᠡᠬᠦ ᠴᠢᠳᠠᠪᠤᠷᠢ ᠡᠵᠡᠮᠰᠢᠭᠦᠯᠬᠦ ᠠᠵᠢᠯ ᠤᠳ ᠢ ᠬᠢᠭᠰᠡᠨ ᠶᠤᠮ ᠃ ᠠᠶᠠᠨ ᠤ ᠬᠦᠷᠢᠶᠡᠨ ᠳᠦ ᠨᠡᠶᠢᠲᠡ ᠶᠢᠨ ᠨᠣᠮ ᠤᠨ ᠰᠠᠩ ᠤᠨ ᠬᠠᠮᠲᠤ ᠣᠯᠠᠨ ᠬᠣᠪᠳᠣ ᠠᠶᠢᠮᠠᠭ ᠤᠨ ᠵᠢᠷᠭᠠᠯᠠᠩᠲᠤ ᠰᠤᠮᠤ ᠶᠢᠨ ᠶᠡᠷᠦᠩᠬᠡᠢ ᠪᠣᠯᠪᠠᠰᠤᠷᠠᠯ ᠤᠨ ᠳᠣᠯᠣᠭᠠᠨ ᠰᠤᠷᠭᠠᠭᠤᠯᠢ ᠶᠢᠨ 6- 12 ᠳ᠋ᠤᠭᠠᠷ ᠠᠩᠬᠢ ᠶᠢᠨ ᠰᠤᠷᠤᠭᠴᠢᠳ ᠤᠨ ᠳᠤᠮᠳᠠ ︽ᠵᠣᠬᠢᠶᠠᠯᠴᠢ ᠶᠢᠨ ᠤᠷᠠᠨ ᠪᠦᠲᠦᠭᠡᠯ ᠢᠶᠡᠷ ᠨᠣᠮ ᠪᠦᠲᠦᠭᠡᠬᠦ︾ ᠤᠷᠤᠯᠳᠤᠭᠠᠨ᠂ ᠵᠣᠬᠢᠶᠠᠯᠴᠢ ᠶᠢᠨ ᠥᠭᠦᠯᠡᠯᠭᠡ ᠨᠦᠭᠦᠳ ᠢᠶᠡᠷ ︽ᠵᠣᠬᠢᠶᠠᠯ ᠠᠴᠠ ᠣᠯᠵᠤ ᠠᠪᠤᠭᠰᠠᠨ ᠤᠬᠠᠭᠠᠷᠠᠯ︾ ᠨᠡᠭᠡᠭᠡᠯᠲᠡ ᠲᠡᠢ ᠬᠡᠯᠡᠯᠴᠡᠭᠦᠯᠭᠡ  ᠦᠷᠨᠢᠭᠦᠯᠦᠯ᠎ᠠ ᠃ ᠮᠥᠨ ︽ᠲᠤᠩᠭᠠᠯᠠᠭ ᠲᠠᠮᠢᠷ︾ ᠷᠣᠮᠠᠨ ᠢᠶᠠᠷ ᠤᠩᠰᠢᠭᠴᠢᠳ ᠤᠨ ᠪᠠᠭ᠎ᠠ ᠬᠤᠷᠠᠯ᠂ ︽ᠮᠣᠩᠭᠣᠯ ᠤᠨ ᠵᠣᠬᠢᠶᠠᠯᠴᠢᠳ ᠤᠨ ᠤᠷᠠᠨ ᠪᠦᠲᠦᠭᠡᠯ ᠢ ᠬᠡᠨ ᠰᠠᠶᠢᠨ ᠮᠡᠳᠡᠬᠦ ᠪᠤᠢ》ᠲᠡᠮᠡᠴᠡᠭᠡᠨ ᠢ ᠲᠤᠰ ᠲᠤᠰ ᠵᠣᠬᠢᠶᠠᠨ ᠶᠠᠪᠤᠭᠤᠯᠵᠠᠢ᠃

ᠰᠡᠳᠬᠢᠭᠳᠡᠯ ᠦᠯᠡᠳᠡᠭᠡᠬᠦ