ᠡᠷᠡᠭᠲᠡᠢ ᠪᠠᠭ ᠤᠨ ᠬᠢᠨ ᠲᠡᠦᠬᠡᠨ ᠳᠦ ᠪᠠᠶᠢᠭ᠎ᠠ ᠦᠭᠡᠢ ᠠᠮᠵᠢᠯᠲᠠ ᠦᠵᠡᠭᠦᠯᠦᠯ᠎ᠡ | News.MN

ᠡᠷᠡᠭᠲᠡᠢ ᠪᠠᠭ ᠤᠨ ᠬᠢᠨ ᠲᠡᠦᠬᠡᠨ ᠳᠦ ᠪᠠᠶᠢᠭ᠎ᠠ ᠦᠭᠡᠢ ᠠᠮᠵᠢᠯᠲᠠ ᠦᠵᠡᠭᠦᠯᠦᠯ᠎ᠡ

ᠭᠷᠦ᠋ᠽᠢᠶ᠎ᠡ ᠤᠯᠤᠰ ᠲᠤ ᠪᠣᠯᠤᠭᠰᠠᠨ ᠳᠡᠯᠡᠬᠡᠢ ᠶᠢᠨ ᠰᠢᠲᠠᠷ᠎ᠠ ᠶᠢᠨ 43 ᠳ᠋ᠤᠭᠠᠷ ᠣᠯᠢᠮᠫᠢᠶᠠᠳ᠋ ᠍ᠲᠤ ᠮᠠᠨ ᠤ ᠤᠯᠤᠰ ᠤᠨ ᠰᠢᠭᠰᠢᠭᠡ ᠪᠠᠭ ᠤᠨ ᠲᠠᠮᠢᠷᠴᠢᠳ ᠠᠮᠵᠢᠯᠲᠠᠲᠠᠢ ᠣᠷᠣᠯᠴᠠᠭᠠᠳ ᠢᠷᠡᠵᠡᠢ᠃  ᠲᠡᠳᠡᠨ  ᠢ ᠮᠣᠩᠭᠣᠯ ᠤᠨ ᠰᠢᠲᠠᠷ᠎ᠠ ᠶᠢᠨ ᠬᠣᠯᠪᠣᠭᠠᠨ ᠤ ᠬᠦᠨᠳᠦᠲᠦ ᠶᠡᠷᠦᠩᠬᠡᠶᠢᠯᠡᠭᠴᠢ ᠭ∙ᠽᠠᠨᠳᠠᠨᠰᠢᠲᠠᠷ᠎ᠠ ᠬᠦᠯᠢᠶᠡᠨ ᠠᠪᠴᠤ ᠠᠭᠤᠯᠵᠠᠯ᠎ᠠ᠃
ᠮᠣᠩᠭᠣᠯ ᠤᠨ ᠰᠢᠲᠠᠷ᠎ᠠ ᠶᠢᠨ ᠬᠣᠯᠪᠣᠭᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠨ∙ᠨᠠᠷᠠᠨᠪᠠᠭᠠᠲᠤᠷ᠄ ᠮᠠᠨ ᠤ ᠰᠢᠲᠠᠷᠠᠴᠢᠳ ᠣᠯᠢᠮᠫᠢᠶᠠᠳ᠋ ᠍ ᠲᠤ ᠠᠮᠵᠢᠯᠲᠠ ᠲᠠᠢ ᠣᠷᠣᠯᠴᠠᠯ᠎ᠠ᠃ ᠢᠯᠠᠩᠭᠤᠶ᠎ᠠ᠂ ᠡᠷᠡᠭᠲᠡᠢ ᠪᠠᠭ ᠤᠨ ᠬᠢᠨ ᠮᠠᠨ ᠤ ᠰᠢᠲᠠᠷ᠎ᠠ ᠶᠢᠨ ᠲᠡᠦᠬᠡᠨ ᠳᠦ ᠪᠠᠶᠢᠭ᠎ᠠ ᠦᠭᠡᠢ ᠥᠨᠳᠥᠷ ᠠᠮᠵᠢᠯᠲᠠ ᠦᠵᠡᠭᠦᠯᠵᠦ᠂ 185 ᠣᠷᠣᠨ ᠠᠴᠠ 22 ᠳ᠋ᠤᠭᠠᠷ ᠪᠠᠶᠢᠷᠢ ᠳᠤ ᠰᠢᠯᠭᠠᠷᠠᠨ Bᠠᠩᠭᠢᠯᠠᠯ ᠳᠤ ᠮᠥᠩᠭᠥᠨ ᠮᠧᠳᠠᠯ ᠬᠦᠷᠲᠡᠯ᠎ᠡ᠃ ᠲᠠᠮᠢᠷᠴᠢᠳ ᠮᠠᠨᠢ ᠴᠢᠨᠰᠠᠭ᠎ᠠ  ᠪᠠᠨ ᠠᠬᠢᠭᠤᠯᠵᠤ᠂ ᠤ᠊∙ᠨᠠᠰᠤᠨᠵᠢᠷᠭᠠᠯ ᠶᠡᠬᠡ ᠮᠠᠰᠲ᠋ᠸᠷ ᠤᠨ ᠨᠣᠷᠮ᠎ᠠ ᠠᠪᠤᠭᠰᠠᠨ ᠭᠡᠯ᠎ᠡ᠃
ᠳᠡᠯᠡᠬᠡᠢ ᠶᠢᠨ ᠰᠢᠲᠠᠷ᠎ᠠ ᠶᠢᠨ ᠣᠯᠢᠮᠫᠢᠶᠠᠳ᠋ ᠍ᠲᠤ ᠡᠷᠲᠡᠨ ᠡᠴᠡ ᠪᠡᠯᠡᠳᠬᠡᠵᠦ᠂ ᠲᠠᠮᠢᠷᠴᠢᠳ ᠢᠶᠠᠨ  ᠸᠠᠺᠤᠮ ᠤᠷᠴᠢᠨ ᠳᠤ ᠨᠢᠭᠡᠳᠦᠭᠰᠡᠨ ᠪᠡᠯᠡᠳᠬᠡᠯ ᠳᠦ ᠬᠠᠮᠤᠷᠤᠭᠤᠯᠤᠭᠰᠠᠨ ᠂ ︽ᠶᠡᠬᠡ ᠲᠩᠷᠢ︾᠍ ᠳᠦ ᠨᠢᠭᠡᠳᠦᠭᠰᠡᠨ ᠴᠤᠭᠯᠠᠷᠠᠯᠲᠠ ᠳᠤ ᠭᠠᠷᠤᠭᠰᠠᠨ ᠨᠢ ᠰᠢᠲᠠᠷᠠᠴᠢᠳ ᠤᠨ ᠠᠮᠵᠢᠯᠲᠠ ᠳᠤ ᠨᠥᠯᠦᠭᠡᠯᠡᠭᠰᠡᠨ ᠭᠡᠳᠡᠭ ᠢ ᠲᠡᠷᠡ ᠪᠡᠷ ᠲᠡᠮᠳᠡᠭᠯᠡᠭᠡᠳ ᠡᠨᠡ ᠪᠦᠬᠦᠨ ᠳᠦ ᠳᠡᠮᠵᠢᠯᠭᠡ ᠦᠵᠡᠭᠦᠯᠦᠭᠰᠡᠨ ᠰᠢᠲᠠᠷ᠎ᠠ ᠶᠢᠨ ᠬᠣᠯᠪᠣᠭᠠᠨ ᠤ ᠬᠦᠨᠳᠦᠲᠦ ᠶᠡᠷᠦᠩᠬᠡᠶᠢᠯᠡᠭᠴᠢ ᠭ∙ᠽᠠᠨᠳᠠᠨᠰᠢᠲᠠᠷ᠎ᠠ ᠲᠠᠨ ᠳᠤ ᠲᠠᠯᠠᠷᠬᠠᠵᠤ ᠪᠠᠶᠢᠭ᠎ᠠ ᠪᠠᠨ ᠢᠯᠡᠷᠬᠡᠶᠢᠯᠡᠶ᠎ᠡ ᠭᠡᠪᠡ ᠃

ᠰᠡᠳᠬᠢᠭᠳᠡᠯ ᠦᠯᠡᠳᠡᠭᠡᠬᠦ