ᠳ∙ᠡᠩᠬᠡᠪᠠᠲᠤ᠂ ᠰ∙ᠭᠠᠩᠡᠷᠳᠡᠨᠢ ᠨᠠᠷ ᠠᠵᠢᠯ ᠢᠶᠠᠨ  ᠦᠭᠭᠦᠯ᠎ᠡ | News.MN

ᠳ∙ᠡᠩᠬᠡᠪᠠᠲᠤ᠂ ᠰ∙ᠭᠠᠩᠡᠷᠳᠡᠨᠢ ᠨᠠᠷ ᠠᠵᠢᠯ ᠢᠶᠠᠨ  ᠦᠭᠭᠦᠯ᠎ᠡ

ᠮᠣᠩᠭᠣᠯ ᠤᠨ ᠲᠠᠶ᠋ᠺᠸᠤᠨᠳᠤ᠋  ᠶᠢᠨ ᠬᠣᠯᠪᠣᠭᠠᠨ ᠤ ᠶᠡᠷᠦᠩᠬᠡᠶᠢᠯᠡᠭᠴᠢ ᠳ∙ᠡᠩᠬᠡᠪᠠᠲᠤ᠂ ᠭᠦᠢᠴᠡᠳᠭᠡᠬᠦ ᠵᠠᠬᠢᠷᠤᠯ ᠰ∙ᠭᠠᠩᠡᠷᠳᠡᠨᠢ ᠨᠠᠷ ᠠᠵᠢᠯ ᠢᠶᠠᠨ ᠬᠦᠯᠢᠶᠡᠯᠭᠡᠨ ᠥᠭᠴᠡᠢ᠃ ᠲᠡᠳᠡ ᠠᠵᠢᠯ ᠤᠨ ᠬᠠᠷᠢᠭᠤᠴᠠᠯᠭ᠎ᠠ  ᠠᠯᠳᠠᠭᠠᠳ ᠪᠤᠰᠤ᠂ ᠲᠠᠮᠢᠷᠴᠢᠨ ᠠᠴᠠ ᠨᠢ ᠰᠡᠷᠭᠡᠭᠡᠰᠢ ᠢᠯᠡᠷᠡᠭᠰᠡᠨ ᠦ ᠤᠯᠠᠮ ᠠᠴᠠ ᠡᠶᠢᠮᠦ ᠰᠢᠢᠳᠪᠦᠷᠢ ᠭᠠᠷᠭᠠᠭᠰᠠᠨ ᠪᠠᠶᠢᠨ᠎ᠠ᠃ ᠡᠨᠡ ᠲᠠᠯ᠎ᠠ ᠪᠠᠷ ᠮᠣᠩᠭᠣᠯ ᠤᠨ ᠲᠠᠶ᠋ᠺᠸᠤᠨᠳᠤ᠋  ᠶᠢᠨ ᠬᠣᠯᠪᠣᠭᠠᠨ ᠍ ᠤ ᠶᠡᠷᠦᠩᠬᠡᠶᠢᠯᠡᠭᠴᠢ ᠪᠡᠷ 12 ᠵᠢᠯ ᠠᠵᠢᠯᠯᠠᠭᠰᠠᠨ ᠳ∙ᠡᠩᠬᠡᠪᠠᠲᠤ ᠬᠡᠪᠯᠡᠯ ᠳᠦ ᠥᠭᠭᠦᠭᠰᠡᠨ ᠶᠠᠷᠢᠯᠴᠠᠯᠭ᠎ᠠ ᠳᠤ ᠪᠠᠨ ᠄ ᠥᠩᠭᠡᠷᠡᠭᠰᠡᠨ ᠰᠠᠷ᠎ᠠ ᠳᠤ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠲᠤ ᠪᠣᠯᠤᠭᠰᠠᠨ ᠫᠠᠷᠠ ᠲᠠᠶ᠋ᠺᠸᠤᠨᠳᠤ᠋  ᠶᠢᠨ ᠣᠯᠠᠨ ᠤᠯᠤᠰ ᠤᠨ ᠲᠡᠮᠡᠴᠡᠭᠡᠨ ᠳᠦ ᠤ᠊∙ᠰᠦᠷᠦᠩᠵᠠᠪ ᠤᠷᠤᠯᠴᠠᠬᠤ ᠦᠶ᠎ᠡ ᠪᠡᠷ ᠲᠡᠭᠦᠨ ᠡᠴᠡ ᠰᠡᠷᠭᠡᠭᠡᠰᠢ  ᠶᠢᠨ ᠲᠥᠷᠥᠯ ᠳᠦ ᠪᠠᠭᠲᠠᠬᠤ ᠪᠡᠯᠡᠳᠦᠮᠡᠯ ︵ ᠹᠤᠷᠰᠠᠮᠢᠳ᠋︶ ᠢᠯᠡᠷᠡᠭᠰᠡᠨ᠃  ᠲᠠᠮᠢᠷᠴᠢᠨ ᠢᠶᠠᠨ ᠰᠡᠷᠭᠡᠭᠡᠰᠢ ᠬᠡᠷᠡᠭᠯᠡᠬᠦ ᠡᠴᠡ ᠤᠷᠢᠳᠴᠢᠯᠡᠨ ᠰᠡᠷᠭᠡᠶᠢᠯᠡᠵᠦ  ᠴᠢᠳᠠᠭ᠎ᠠ ᠦᠭᠡᠢ ᠳᠦ ᠪᠡᠨ ᠬᠠᠷᠠᠮᠰᠠᠵᠤ ᠪᠠᠶᠢᠨ᠎ᠠ᠃ ᠲᠡᠶᠢᠮᠦ ᠡᠴᠡ ᠰ∙ᠭᠠᠩᠡᠷᠳᠡᠨᠢ ᠪᠢᠳᠡ ᠬᠣᠶᠠᠷ ᠶᠣᠰᠣ ᠵᠦᠢ ᠶᠢᠨ ᠬᠠᠷᠢᠭᠤᠴᠠᠯᠭ᠎ᠠ ᠬᠦᠯᠢᠶᠡᠨ᠂ ᠠᠵᠢᠯ ᠢᠶᠠᠨ ᠬᠦᠯᠢᠶᠡᠯᠭᠡᠨ ᠥᠭᠬᠦ ᠪᠡᠷ ᠪᠣᠯᠤᠭᠰᠠᠨ ᠭᠡᠵᠡᠢ᠃

ᠰᠡᠳᠬᠢᠭᠳᠡᠯ ᠦᠯᠡᠳᠡᠭᠡᠬᠦ