ᠪᠥᠭᠡᠨᠴᠠᠭᠠᠨ ᠨᠠᠭᠤᠷ ᠲᠤ 9000 ᠭᠠᠷᠤᠢ ᠰᠢᠪᠠᠭᠤ ᠪᠠᠶᠢᠨ᠎ᠠ | News.MN

ᠪᠥᠭᠡᠨᠴᠠᠭᠠᠨ ᠨᠠᠭᠤᠷ ᠲᠤ 9000 ᠭᠠᠷᠤᠢ ᠰᠢᠪᠠᠭᠤ ᠪᠠᠶᠢᠨ᠎ᠠ

ᠪᠠᠶᠠᠨᠬᠣᠩᠭᠣᠷ ᠠᠶᠢᠮᠠᠭ ᠤᠨ ᠽᠤᠤᠨᠤᠽ ᠡᠪᠡᠳᠴᠢᠨ ᠰᠤᠳᠤᠯᠤᠯ ᠤᠨ ᠲᠥᠪ ᠡᠨᠡ ᠰᠠᠷ᠎ᠠ ᠶᠢᠨ ᠡᠬᠢ ᠪᠡᠷ ᠪᠠᠴᠠᠭᠠᠨ ᠰᠤᠮᠤ ᠶᠢᠨ ᠪᠥᠭᠡᠨᠴᠠᠭᠠᠨ ᠨᠠᠭᠤᠷ ᠲᠤ ᠤᠰᠤ ᠨᠠᠮᠤᠭ ᠤᠨ ᠰᠢᠪᠠᠭᠤᠨ ᠤ ᠲᠠᠩᠳᠠᠯᠲᠠ ᠰᠤᠳᠤᠯᠭ᠎ᠠ ᠶᠢ ᠬᠢᠵᠡᠢ ᠃ ᠨᠠᠮᠤᠭ ᠤᠨ ᠰᠢᠪᠠᠭᠤᠳ ᠤᠨ ᠠᠵᠢᠭᠯᠠᠯᠲᠠ᠂ ᠲᠣᠭᠠᠯᠠᠯᠭ᠎ᠠ ᠪᠠᠷ ᠲᠤᠰ ᠨᠠᠭᠤᠷ  ᠲᠤ ᠨᠡᠶᠢᠲᠡ  ᠨᠠᠢᠮᠠᠨ ᠣᠪᠤᠭ ᠤᠨ 19 ᠵᠦᠢᠯ ᠦᠨ 9340 ᠤᠰᠤ ᠨᠠᠮᠤᠭ ᠤᠨ ᠰᠢᠪᠠᠭᠤᠳ ᠲᠣᠭᠠᠯᠠᠭᠳᠠᠭᠰᠠᠨ ᠪᠠᠶᠢᠨ᠎ᠠ᠃
ᠠᠵᠢᠭᠯᠠᠯᠲᠠ᠂ ᠲᠣᠭᠠᠯᠠᠯᠭ᠎ᠠ ᠬᠢᠬᠦ ᠮᠥᠨ ᠦᠶ᠎ᠡ ᠪᠡᠷ ᠰᠢᠪᠠᠭᠤᠨ ᠤ ᠰᠡᠭ ᠵᠢᠮ ᠲᠠᠭᠠᠷᠠᠭ᠎ᠠ ᠦᠭᠡᠢ ᠪᠥᠭᠡᠳ ᠰᠢᠪᠠᠭᠤᠳ ᠤᠨ ᠬᠥᠳᠡᠯᠭᠡᠭᠡᠨ᠂ ᠰᠣᠨᠣᠷ ᠰᠡᠷᠡᠮᠵᠢ ᠬᠡᠪ ᠦᠨ ᠭᠡᠰᠡᠨ ᠳ᠋ᠦᠩᠨᠡᠯᠲᠡ ᠭᠠᠷᠴᠠᠢ᠃ ᠲᠤᠬᠠᠢ ᠶᠢᠨ ᠰᠤᠳᠤᠯᠭ᠎ᠠ ᠨᠢ ᠰᠢᠪᠠᠭᠤᠨ ᠤ ᠵᠦᠢᠯ ᠦᠨ ᠪᠦᠷᠢᠳᠦᠯ ᠢ ᠲᠣᠭᠲᠠᠭᠠᠨ᠂ ᠨᠠᠭᠤᠷ ᠤᠨ ᠡᠷᠭᠢᠨ ᠲᠣᠭᠣᠷᠢᠨ ᠠᠴᠠ ᠰᠢᠪᠠᠭᠤᠨ ᠤ ᠰᠠᠩᠭᠠᠰᠤ ᠴᠤᠭᠯᠠᠭᠤᠯᠵᠤ᠂ ᠡᠪᠡᠳᠴᠢᠲᠡᠢ ᠪᠣᠯᠤᠨ ᠡᠪᠡᠳᠴᠢᠯᠡᠭᠰᠡᠨ ᠰᠢᠪᠠᠭᠤᠳ ᠪᠠᠶᠢᠭ᠎ᠠ ᠡᠰᠡᠬᠦ ᠶᠢ ᠬᠢᠨᠠᠬᠤ ᠵᠣᠷᠢᠯᠭ᠎ᠠ ᠲᠠᠢ  ᠠᠵᠠᠢ᠃

ᠰᠡᠳᠬᠢᠭᠳᠡᠯ ᠦᠯᠡᠳᠡᠭᠡᠬᠦ