ᠵᠢᠯ ᠪᠦᠷᠢ ᠶᠢᠨ ᠠᠷᠪᠠᠳᠤᠭᠠᠷ ᠰᠠᠷ᠎ᠠ ᠶᠢᠨ 23 ᠍ ᠤ ᠡᠳᠦᠷ ᠢ ︽ᠳᠡᠯᠡᠬᠡᠢ ᠶᠢᠨ ᠴᠣᠬᠣᠷ ᠢᠷᠪᠢᠰ ᠬᠠᠮᠠᠭᠠᠯᠠᠬᠤ ᠡᠳᠦᠷ︾ ᠪᠣᠯᠭᠠᠨ ᠲᠡᠮᠳᠡᠭᠯᠡᠵᠦ ᠪᠠᠶᠢᠬᠤ ᠪᠠᠷ ᠰᠢᠢᠳᠪᠦᠷᠢᠯᠡᠭᠰᠡᠨ ᠪᠠᠶᠢᠳᠠᠭ᠃ ᠮᠣᠩᠭᠣᠯ ᠤᠯᠤᠰ ᠲᠤ ᠣᠳᠣ ᠶᠢᠨ ᠪᠠᠶᠢᠳᠠᠯ ᠢᠶᠠᠷ 800-1000 ᠴᠣᠬᠣᠷ ᠢᠷᠪᠢᠰ ᠪᠦᠷᠢᠳᠬᠡᠭᠳᠡᠭᠰᠡᠨ ᠪᠥᠭᠡᠳ ᠡᠨᠡ ᠨᠢ ᠳᠡᠯᠡᠬᠡᠢ ᠶᠢᠨ ᠴᠣᠬᠣᠷ ᠢᠷᠪᠢᠰ ᠦᠨ 20 ᠬᠤᠪᠢ ᠲᠠᠢ ᠲᠡᠩᠴᠡᠵᠦ ᠪᠤᠢ ᠃
ᠴᠣᠬᠣᠷ ᠢᠷᠪᠢᠰ ︽ᠤᠯᠠᠭᠠᠨ ᠨᠣᠮ︾᠍ ᠳᠦ ᠣᠷᠣᠭᠰᠠᠨ ᠳᠠᠷᠬᠠᠨ ᠴᠠᠭᠠᠵᠠ ᠲᠠᠢ ᠠᠮᠢᠲᠠᠨ᠂ ᠠᠩᠨᠠᠬᠤ ᠬᠣᠷᠢᠭ᠎ᠠ ᠲᠠᠢ᠂ ᠬᠠᠳᠠ ᠠᠰᠬ᠎ᠠ ᠲᠠᠢ ᠥᠨᠳᠥᠷ ᠠᠭᠤᠯᠠᠨ ᠳᠤ ᠠᠮᠢᠳᠤᠷᠠᠳᠠᠭ᠃ ᠪᠡᠶ᠎ᠡ ᠶᠢᠨ ᠤᠷᠲᠤ ᠨᠢ 103-130 ᠰᠠᠨᠲ᠋ᠢᠮᠧᠲ᠋ᠷ᠂ ᠵᠢᠩ 23-41 ᠺᠢᠯᠤᠭ᠍ᠷᠡᠮ ᠂ 14 ᠮᠧᠲ᠋ᠷ ᠬᠦᠷᠲᠡᠯ᠎ᠡ ᠬᠣᠯᠠ ᠦᠰᠦᠷᠬᠦ ᠴᠢᠳᠠᠪᠤᠷᠢ ᠲᠠᠢ᠃ ᠢᠷᠪᠢᠰ 10-13 ᠨᠠᠰᠤᠯᠠᠳᠠᠭ᠂ ᠠᠷᠭᠠᠯᠢ᠂ ᠶᠠᠩᠭᠢᠷ᠂ ᠲᠠᠷᠪᠠᠭ᠎ᠠ᠂ ᠲᠠᠤᠯᠠᠢ᠂ ᠮᠡᠷᠡᠭᠴᠢ ᠠᠮᠢᠲᠠᠳ ᠢᠶᠠᠷ ᠬᠣᠭᠣᠯᠠᠯᠠᠳᠠᠭ᠃ ᠥᠭᠡᠷ᠎ᠡ ᠪᠡᠷ ᠬᠡᠯᠡᠪᠡᠯ ᠴᠣᠬᠣᠷ ᠢᠷᠪᠢᠰ ᠨᠢ ᠥᠨᠳᠥᠷ ᠠᠭᠤᠯᠠ ᠶᠢᠨ ᠡᠺᠤ ᠰᠢᠰᠲᠸᠮ ᠦᠨ ᠡᠷᠡᠭᠦᠯ ᠪᠠᠶᠢᠳᠠᠯ ᠢ ᠬᠠᠳᠠᠭᠠᠯᠠᠭᠴᠢ ᠭᠣᠣᠯ ᠠᠮᠢᠲᠠᠨ ᠶᠤᠮ᠃