ᠡᠮᠦᠨᠡᠭᠣᠪᠢ ᠠᠶᠢᠮᠠᠭ ᠤᠨ ᠲᠥᠪ ᠨᠣᠮ ᠤᠨ ᠰᠠᠩ ᠳᠤ ᠳᠡᠯᠡᠬᠡᠢ ᠶᠢᠨ ᠰᠢᠯᠢᠳᠡᠭ ᠰᠣᠩᠭᠣᠳᠠᠭ ᠵᠣᠬᠢᠶᠠᠯ ᠤᠳ ᠢᠶᠠᠷ ᠦᠵᠡᠰᠬᠦᠯᠡᠩ ᠭᠠᠷᠭᠠᠭᠠᠳ ᠪᠠᠶᠢᠨ᠎ᠠ᠃ ᠦᠵᠡᠰᠬᠦᠯᠡᠩ ᠳᠦ ᠨᠡᠶᠢᠲᠡ 50 ᠍ ᠨᠣᠮ ᠳᠡᠯᠭᠡᠭᠰᠡᠨ ᠪᠥᠭᠡᠳ ᠰᠣᠨᠢᠷᠬᠠᠭᠰᠠᠨ ᠢᠷᠭᠡᠳ ᠢᠷᠡᠬᠦ ᠰᠠᠷ᠎ᠠ ᠶᠢᠨ ᠲᠠᠪᠤᠨ ᠬᠦᠷᠲᠡᠯ᠎ᠡ ᠦᠢᠯᠡᠴᠢᠯᠡᠭᠦᠯᠬᠦ ᠪᠣᠯᠤᠮᠵᠢ ᠲᠠᠢ᠃ ᠲᠤᠬᠠᠶᠢᠯᠠᠪᠠᠯ ︽ᠵᠡᠷ ᠵᠡᠪᠰᠡᠭ ᠮᠢᠨᠢ ᠪᠠᠶᠠᠷᠲᠠᠢ︾᠂ ︽ᠷᠤᠪᠢᠨᠰᠤᠨ ᠺᠷᠤᠽᠤ᠋︾᠂ ︽ᠵᠠᠭᠤᠨ ᠵᠢᠯ ᠦᠨ ᠭᠠᠭᠴᠠᠭᠠᠷᠳᠠᠯ︾᠂ ︽ᠪᠠᠭᠤᠭᠠᠳ ᠢᠷᠡᠭᠡᠴᠢ ᠮᠤᠰᠶᠤ᠋︾᠂ ︽ᠠᠯᠲᠠᠨ ᠪᠤᠮᠪᠠᠨ ᠳ᠋ᠡᠬᠢ ᠯᠢᠰᠢ ᠶᠢᠨ ᠴᠡᠴᠡᠭ︾᠂ ︽ᠬᠣᠶᠠᠷ ᠬᠠᠭᠠᠨ᠂ ᠬᠣᠶᠠᠷ ᠬᠣᠩᠭᠢᠯ︾ ᠵᠡᠷᠭᠡ ᠳᠡᠯᠡᠬᠡᠢ ᠳᠦ ᠠᠯᠳᠠᠷᠲᠠᠢ ᠵᠣᠬᠢᠶᠠᠯ ᠤᠳ ᠤᠩᠰᠢᠭᠴᠢᠳ ᠤᠨ ᠠᠩᠬᠠᠷᠤᠯ ᠢ ᠲᠠᠲᠠᠵᠠᠢ᠃
ᠲᠤᠰ ᠠᠶᠢᠮᠠᠭ ᠤᠨ ᠲᠥᠪ ᠨᠣᠮ ᠤᠨ ᠰᠠᠩ ᠨᠢ ᠰᠢᠯᠢᠳᠡᠭ ᠨᠣᠮ ᠤᠨ ᠪᠠᠭᠴᠠ ᠦᠵᠡᠰᠬᠦᠯᠡᠩ ᠢ 14 ᠬᠣᠨᠣᠭ ᠤᠨ ᠬᠤᠭᠤᠴᠠᠭ᠎ᠠ ᠲᠠᠢ ᠭᠠᠷᠭᠠᠵᠤ ᠢᠷᠭᠡᠳ ᠤᠩᠰᠢᠭᠴᠢᠳ ᠲᠤ ᠪᠠᠨ ᠦᠢᠯᠡᠴᠢᠯᠡᠳᠡᠭ ᠵᠢᠱᠢᠭ ᠲᠤᠭᠲᠠᠭᠠᠭᠠᠳ ᠪᠤᠢ ᠪᠥᠭᠡᠳ ᠡᠨᠡ ᠤᠳᠠᠭ᠎ᠠ ᠶᠢᠨ ᠦᠵᠡᠰᠬᠦᠯᠡᠩ ᠦᠨ ᠳᠠᠷᠠᠭ᠎ᠠ ᠲᠤᠬᠠᠢ ᠶᠢᠨ ᠨᠣᠮ ᠤᠨ ᠰᠠᠩ ᠳᠤ ᠰᠢᠨ᠎ᠡ ᠪᠡᠷ ᠢᠷᠡᠵᠦ ᠪᠤᠢ ᠨᠣᠮ ᠤᠨ ᠦᠵᠡᠰᠬᠦᠯᠡᠩ ᠢ ᠳᠡᠯᠭᠡᠬᠦ ᠠᠵᠠᠢ᠃