ᠬᠦᠯ ᠪᠦᠮᠪᠤᠭᠡᠴᠢᠨ ᠦᠬᠢᠳ ᠯᠢᠸᠠᠨ ᠤᠯᠤᠰ ᠢ ᠵᠣᠷᠢᠵᠠᠢ | News.MN

ᠬᠦᠯ ᠪᠦᠮᠪᠤᠭᠡᠴᠢᠨ ᠦᠬᠢᠳ ᠯᠢᠸᠠᠨ ᠤᠯᠤᠰ ᠢ ᠵᠣᠷᠢᠵᠠᠢ

ᠶᠠᠫᠣᠨ ᠤ ᠳᠠᠰᠬᠠᠯᠵᠢᠭᠤᠯᠤᠭᠴᠢ ᠢᠺᠢ  ᠶᠦᠵᠢ ᠪᠡᠷ ᠤᠳᠤᠷᠢᠳᠤᠭᠤᠯᠤᠭᠰᠠᠨ ᠮᠣᠩᠭᠣᠯ ᠤᠨ  ᠦᠬᠢᠳ  ᠦᠨ ᠬᠦᠯ ᠪᠦᠮᠪᠦᠭᠡ ᠶᠢᠨ ᠰᠢᠭᠰᠢᠭᠡ ᠪᠠᠭ ᠠᠽᠢᠶ᠎ᠠ ᠶᠢᠨ 19 ᠬᠦᠷᠲᠡᠯᠡᠬᠢ ᠨᠠᠰᠤᠨ ᠤ  ᠦᠬᠢᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠤᠷᠢᠳᠴᠢᠯᠠᠭᠰᠠᠨ ᠱᠠᠲᠤᠨ ᠳᠤ ᠥᠷᠢᠰᠦᠯᠳᠦᠬᠦ ᠪᠡᠷ  ᠯᠢᠸᠠᠨ ᠤᠯᠤᠰ ᠢ ᠵᠣᠷᠢᠵᠠᠢ᠃ ᠮᠣᠩᠭᠣᠯ ᠤᠨ ᠰᠢᠭᠰᠢᠭᠡ ᠪᠠᠭ ᠲᠡᠮᠡᠴᠡᠭᠡᠨ ᠦ A ᠬᠡᠰᠡᠭ ᠲᠦ ᠠᠦᠢᠰᠲᠷᠠᠯᠢᠶ᠎ᠠ᠂  ᠯᠢᠸᠠᠨ ᠂  ᠬᠤᠩᠺᠤᠩ ᠦᠨ ᠰᠢᠭᠰᠢᠭᠡ ᠲᠡᠢ 24 -28 ᠍ ᠤ ᠬᠣᠭᠣᠷᠣᠨᠳᠣ ᠥᠷᠢᠰᠦᠯᠳᠦᠨ᠎ᠡ᠃ ᠡᠬᠢᠨ ᠦ ᠲᠣᠭᠯᠠᠯᠲᠠ ᠪᠠᠨ 24 ᠍ ᠤ 16.30 ᠮᠢᠨᠦ᠋ᠲ ᠲᠤ ᠬᠡᠰᠡᠭ ᠦᠨ ᠢᠶᠡᠨ ᠬᠠᠮᠤᠭ ᠤᠨ ᠬᠦᠴᠦᠲᠡᠢ ᠪᠠᠭ ᠠᠦᠢᠰᠲᠷᠠᠯᠢᠶ᠎ᠠ ᠶᠢᠨ ᠡᠰᠡᠷᠭᠦ ᠬᠢᠵᠦ ᠂ ᠳᠠᠷᠠᠭ᠎ᠠ ᠨᠢ ᠪᠠᠰᠠᠩ ᠭᠠᠷᠠᠭ ᠲᠤ ᠡᠨᠡ ᠴᠠᠭ ᠲᠤ ᠪᠠᠨ ᠬᠤᠩᠺᠤᠩ  ᠦᠨ ᠪᠠᠭ ᠲᠠᠢ ᠲᠣᠭᠯᠠᠨ᠎ᠠ᠃  ᠬᠠᠷᠢᠨ ᠬᠡᠰᠡᠭ ᠦᠨ ᠰᠡᠭᠦᠯ ᠦᠨ ᠲᠣᠭᠯᠠᠯᠲᠠ ᠪᠠᠨ ᠢᠷᠡᠬᠦ ᠳᠣᠯᠣᠭ᠎ᠠ ᠬᠣᠨᠣᠭ ᠤᠨ ᠨᠢᠮ᠎ᠠ ᠭᠠᠷᠠᠭ ᠲᠤ 20᠄30 ᠮᠢᠨᠦ᠋ᠲ ᠠᠴᠠ ᠲᠠᠯᠠᠪᠠᠢ ᠶᠢᠨ ᠡᠵᠡᠨ ᠯᠢᠸᠠᠨ ᠤ ᠪᠠᠭ ᠲᠠᠢ ᠬᠢᠭᠰᠡᠨ ᠢᠶᠡᠷ  ᠦᠬᠢᠳ ᠤᠨ ᠰᠢᠭᠰᠢᠭᠡ ᠪᠠᠭ ᠠᠩᠬᠠᠨ ᠤ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠳ᠋ᠦᠩᠨᠡᠯᠲᠡ ᠪᠡᠨ ᠭᠠᠷᠭᠠᠭᠰᠠᠨ ᠪᠠᠶᠢᠬᠤ  ᠠᠵᠠᠢ᠃

ᠰᠡᠳᠬᠢᠭᠳᠡᠯ ᠦᠯᠡᠳᠡᠭᠡᠬᠦ