《ᠰᠦᠯᠳᠡ ᠠᠯᠳᠠᠷ 》 ᠦᠨ ᠲᠠᠮᠢᠷᠴᠢᠳ 10 ᠠᠯᠲᠠᠨ ᠮᠧᠳᠠᠯ ᠬᠦᠷᠲᠡᠵᠡᠢ | News.MN

《ᠰᠦᠯᠳᠡ ᠠᠯᠳᠠᠷ 》 ᠦᠨ ᠲᠠᠮᠢᠷᠴᠢᠳ 10 ᠠᠯᠲᠠᠨ ᠮᠧᠳᠠᠯ ᠬᠦᠷᠲᠡᠵᠡᠢ

ᠬᠣᠪᠳᠣ ᠠᠶᠢᠮᠠᠭ ᠤᠨ《ᠰᠦᠯᠳᠡ ᠠᠯᠳᠠᠷ 》ᠲᠠᠺᠸᠠᠨᠳᠤ᠋ ᠶᠢᠨ ᠺᠯᠦ᠋ᠪ  ᠤᠨ ᠲᠠᠮᠢᠷᠴᠢᠳ 10 ᠳ᠋ᠤᠭᠠᠷ ᠰᠠᠷ᠎ᠠ ᠶᠢᠨ 20-21 ᠍ ᠳᠦ ᠤᠯᠠᠭᠠᠨᠪᠠᠭᠠᠲᠤᠷ ᠲᠤ ᠪᠣᠯᠤᠭᠰᠠᠨМongolia  Open 2018  ᠣᠯᠠᠨ ᠤᠯᠤᠰ ᠤᠨ ᠲᠡᠮᠡᠴᠡᠭᠡᠨ ᠳᠦ ᠠᠮᠵᠢᠯᠲᠠᠲᠠᠢ ᠣᠷᠣᠯᠴᠠᠵᠤ ᠳᠥᠷᠪᠡᠨ ᠠᠯᠲᠠ᠂ ᠭᠤᠷᠪᠠᠨ ᠮᠥᠩᠭᠥ᠂ ᠳᠥᠷᠪᠡᠨ ᠬᠦᠷᠡᠯ ᠮᠧᠳᠠᠯ ᠬᠦᠷᠲᠡᠭᠰᠡᠨ ᠠᠮᠵᠢᠯᠲᠠ ᠦᠵᠡᠭᠦᠯᠵᠡᠢ᠃ ᠵᠢᠷᠭᠠᠯᠠᠩᠲᠤ ᠰᠤᠮᠤ ᠶᠢᠨ ᠨᠢᠭᠡᠳᠦᠭᠡᠷ  ᠰᠤᠷᠭᠠᠭᠤᠯᠢ ᠶᠢᠨ ᠢ᠊∙ᠬᠦᠷᠪᠡᠯᠪᠠᠭᠠᠲᠤᠷ᠂ ᠫᠷᠣᠭᠷᠧᠰᠰ ᠰᠤᠷᠭᠠᠭᠤᠯᠢ ᠶᠢᠨ ᠪ∙ᠮᠥᠰᠢᠶᠡᠯᠲᠡ᠂ ᠵᠢᠷᠭᠤᠳᠤᠭᠠᠷ ᠰᠤᠷᠭᠠᠭᠤᠯᠢ ᠶᠢᠨ ᠣ᠊∙ᠤᠴᠢᠮ᠎ᠠ ᠂ ᠬᠣᠶᠠᠳᠤᠭᠠᠷ ᠰᠤᠷᠭᠠᠭᠤᠯᠢ ᠶᠢᠨ ᠳ∙ᠪᠤᠶᠠᠨᠨᠡᠮᠡᠬᠦ ᠨᠠᠷ ᠡᠭᠡᠯᠵᠢ ᠳᠠᠷᠠᠭᠠᠯᠠᠨ ᠢᠯᠠᠯᠲᠠ ᠪᠠᠶᠢᠭᠤᠯᠵᠤ ᠠᠯᠲᠠᠨ ᠮᠧᠳᠠᠯ ᠬᠦᠷᠲᠡᠯ᠎ᠡ᠃ ᠫᠷᠣᠭᠷᠧᠰᠰ ᠰᠤᠷᠭᠠᠭᠤᠯᠢ ᠶᠢᠨ ᠫ∙ᠪᠣᠯᠣᠷᠲᠤᠶᠠᠭ᠎ᠠ᠂ ᠨᠢᠭᠡᠳᠦᠭᠡᠷ ᠰᠤᠷᠭᠠᠭᠤᠯᠢ ᠶᠢᠨ ᠡ᠊∙ᠠᠮᠤᠷᠲᠦ᠋ᠷᠦ ᠫᠷᠣᠭᠷᠧᠰᠰ ᠰᠤᠷᠭᠠᠭᠤᠯᠢ ᠶᠢᠨ ᠴ∙ᠪᠤᠶᠠᠨᠨᠡᠮᠡᠬᠦ ᠨᠠᠷ ᠮᠥᠩᠭᠥᠨ ᠮᠧᠳᠠᠯ ᠤᠨ ᠡᠵᠡᠳ ᠪᠣᠯᠪᠠ᠃
ᠨᠢᠭᠡᠳᠦᠭᠡᠷ ᠰᠤᠷᠭᠠᠭᠤᠯᠢ ᠶᠢᠨ ᠮ∙ᠮᠠᠷᠠᠯᠮ᠎ᠠ᠂ ᠴᠠᠰᠤᠲᠤ-ᠠᠯᠲᠠᠢ ᠰᠤᠷᠭᠠᠭᠤᠯᠢ ᠶᠢᠨ ᠪ∙ᠨᠠᠮᠤᠭᠤᠨ᠂ ᠭᠤᠷᠪᠠᠳᠤᠭᠠᠷ ᠰᠤᠷᠭᠠᠭᠤᠯᠢ ᠶᠢᠨ ᠼ∙ᠰᠠᠷᠠᠨᠭᠡᠷᠡᠯ ᠨᠠᠷ ᠬᠦᠷᠡᠯ ᠮᠧᠳᠠᠯ ᠬᠦᠷᠲᠡᠵᠦ ᠨᠤᠲᠤᠭ ᠤᠨ ᠢᠶᠠᠨ ᠨᠡᠷ᠎ᠡ ᠶᠢ ᠳᠠᠭᠤᠷᠢᠰᠬᠠᠵᠤ ᠦᠶ᠎ᠡ ᠶᠢᠨ ᠬᠢᠨ ᠢ ᠪᠡᠨ ᠮᠠᠩᠯᠠᠶᠢᠯᠠᠪᠠ᠃ ᠡᠨᠡ ᠤᠳᠠᠭ᠎ᠠ ᠶᠢᠨ ᠲᠡᠮᠡᠴᠡᠭᠡᠨ ᠳᠦ  ᠰᠤᠯᠤᠩᠭᠤᠰ᠂ ᠶᠠᠫᠣᠨ᠂ ᠣᠷᠣᠰ ᠂  ᠬᠠᠰᠠᠺᠰᠲ᠋ᠠᠨ᠂ ᠦᠽᠪᠸᠺᠰᠲ᠋ᠠᠨ᠂ ᠲᠠᠶᠢᠯᠠᠨᠳ᠋᠂ ᠲᠠᠶᠢᠸᠠᠨ᠂ ᠬᠤᠩᠺᠤᠩ ᠵᠡᠷᠭᠡ 10 ᠭᠠᠷᠤᠢ ᠤᠯᠤᠰ ᠣᠷᠣᠨ ᠤ ᠪᠠᠭ ᠲᠠᠮᠢᠷᠴᠢᠳ ᠣᠷᠣᠯᠴᠠᠵᠠᠢ᠃

ᠰᠡᠳᠬᠢᠭᠳᠡᠯ ᠦᠯᠡᠳᠡᠭᠡᠬᠦ