21368 ᠠᠵᠠᠲᠠᠨ ᠲᠣᠳᠣᠷᠠᠯ᠎ᠠ | News.MN

21368 ᠠᠵᠠᠲᠠᠨ ᠲᠣᠳᠣᠷᠠᠯ᠎ᠠ

ᠨᠡᠮᠡᠭᠳᠡᠭᠰᠡᠨ ᠥᠷᠲᠡᠭ ᠦᠨ ᠠᠯᠪᠠᠨ ᠲᠠᠲᠠᠪᠤᠷᠢ ᠤᠨ ᠤᠷᠮᠠᠰᠢᠭᠤᠯᠤᠯ ᠤᠨ 2018 ᠣᠨ ᠤ ᠠᠷᠪᠠᠳᠤᠭᠠᠷ ᠰᠠᠷ᠎ᠠ ᠶᠢᠨ ᠰᠤᠭᠤᠯᠤᠭᠠᠨ ᠤ ᠲᠣᠬᠢᠷᠠᠯ ᠥᠴᠥᠭᠡᠳᠦᠷ ᠪᠣᠯᠵᠤ᠂ ᠰᠦᠫᠸᠷ ᠠᠵᠠᠲᠠᠨ ᠲᠣᠳᠣᠷᠠᠭᠰᠠᠨ ᠦᠭᠡᠢ᠃ ᠲᠤᠬᠢᠷᠠᠯ ᠳᠤ2018 ᠣᠨ ᠤ ᠶᠢᠰᠦᠳᠦᠭᠡᠷ ᠰᠠᠷ᠎ᠠ ᠶᠢᠨ 1  ᠡᠴᠡ 30 ᠍ ᠤ ᠡᠳᠦᠷ ᠬᠦᠷᠲᠡᠯ᠎ᠡ ᠬᠤᠭᠤᠴᠠᠭᠠᠨ ᠳᠤ ᠬᠤᠳᠠᠯᠳᠤᠨ ᠠᠪᠤᠯᠲᠠ ᠬᠢᠭᠰᠡᠨ᠂ ᠠᠷᠪᠠᠳᠤᠭᠠᠷ ᠰᠠᠷ᠎ᠠ ᠶᠢᠨ 20 ᠍ ᠤ ᠡᠳᠦᠷ ᠦᠨ 00.00 ᠴᠠᠭ ᠠᠴᠠ ᠡᠮᠦᠨ᠎ᠡ ᠴᠠᠬᠢᠮ ᠲᠥᠯᠥᠪᠦᠷᠢ ᠶᠢᠨ ᠰᠢᠰᠲ᠋ᠧᠮ ᠳᠦ ᠪᠦᠷᠢᠳᠬᠡᠭᠦᠯᠦᠭᠰᠡᠨ ᠪᠠᠷᠢᠮᠲᠠ ᠨᠤᠭᠤᠳ ᠠᠴᠠ ᠰᠢᠯᠭᠠᠷᠠᠭᠤᠯᠵᠠᠢ᠃
ᠡᠨᠡ ᠤᠳᠠᠭ᠎ᠠ ᠶᠢᠨ ᠲᠣᠬᠢᠷᠠᠯ ᠢᠶᠠᠷ ᠲᠥᠭᠥᠷᠢᠭ ᠨᠡᠶᠢᠲᠡ 21368 ᠠᠵᠠᠲᠠᠨ ᠲᠣᠳᠣᠷᠠᠭᠰᠠᠨ ᠠᠴᠠ 18107 ᠨᠢ ᠤᠯᠠᠭᠠᠨᠪᠠᠭᠠᠲᠤᠷ ᠬᠣᠲᠠ ᠠᠴᠠ ᠲᠣᠳᠣᠷᠠᠵᠠᠢ᠃ ᠰᠦᠫᠸᠷ ᠠᠵᠠᠲᠠᠨ  ᠲᠣᠳᠣᠷᠠᠭ᠎ᠠ ᠦᠭᠡᠢ ᠪᠥᠭᠡᠳ ᠲᠠᠪᠤᠨ ᠰᠠᠶ᠎ᠠ ᠲᠥᠭᠥᠷᠢᠭ ᠦᠨ ᠡᠵᠡᠨ 20᠂ ᠨᠢᠭᠡ ᠰᠠᠶ᠎ᠠ  ᠦᠨ ᠡᠵᠡᠨ 215᠂ 200 ᠮᠢᠩᠭᠠᠨ ᠲᠥᠭᠥᠷᠢᠭ ᠦᠨ ᠡᠵᠡᠨ 1895᠂ 50 ᠮᠢᠩᠭᠠᠨ ᠲᠥᠭᠥᠷᠢᠭ ᠦᠨ ᠡᠵᠡᠨ 19237 ᠲᠣᠳᠣᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ