《 ᠪᠠᠳᠠᠷᠠᠬᠤᠨᠳᠠᠭ᠎ᠠ -2018》 ᠨᠠᠭᠠᠳᠤᠮ   | News.MN

《 ᠪᠠᠳᠠᠷᠠᠬᠤᠨᠳᠠᠭ᠎ᠠ -2018》 ᠨᠠᠭᠠᠳᠤᠮ  

ᠵᠠᠪᠬᠠᠨ ᠠᠶᠢᠮᠠᠭ ᠲᠤ ︽ᠪᠠᠳᠠᠷᠠᠬᠤᠨᠳᠠᠭ᠎ᠠ -2018︾12  ᠳ᠋ᠡᠬᠢ ᠤᠳᠠᠭ᠎ᠠ ᠶᠢᠨ ᠢᠷᠠᠭᠤ ᠨᠠᠶᠢᠷᠠᠭ ᠤᠨ ᠨᠠᠭᠠᠳᠤᠮ᠂ ᠪᠠᠷᠠᠭᠤᠨ ᠪᠥᠰᠡ ᠶᠢᠨ ᠵᠣᠬᠢᠶᠠᠯᠴᠢᠳ ᠤᠨ ᠠᠭᠤᠯᠵᠠᠯᠲᠠ ᠠᠮᠵᠢᠯᠲᠠ ᠲᠠᠢ ᠪᠣᠯᠵᠤ 70 ᠭᠠᠷᠤᠢ ᠢᠷᠠᠭᠤ ᠨᠠᠶᠢᠷᠠᠭᠴᠢ᠂ ᠵᠣᠬᠢᠶᠠᠯᠴᠢᠳ ᠣᠷᠣᠯᠴᠠᠯ᠎ᠠ᠃  ᠨᠠᠭᠠᠳᠤᠮ ᠤᠨ ᠬᠣᠶᠠᠳᠤᠭᠠᠷ ᠱᠠᠲᠤᠨ ᠳᠤ ᠦᠯᠡᠳᠡᠭᠰᠡᠨ 36 ᠢᠷᠠᠭᠤ ᠨᠠᠶᠢᠷᠠᠭᠴᠢ ᠰᠢᠯᠦᠭ ᠢᠶᠡᠨ ᠳᠠᠭᠤᠳᠠᠬᠤ ᠳᠤ ᠨᠠᠭᠠᠳᠤᠮ ᠤᠨ ᠲᠡᠷᠢᠭᠦᠨ ᠪᠠᠶᠢᠷᠢ ᠶᠢ ᠢᠷᠠᠭᠤ ᠨᠠᠶᠢᠷᠠᠭᠴᠢ ᠣᠷᠢᠶᠠᠯᠠᠩ ᠤᠨ ᠡᠯᠪᠡᠭᠲᠡᠭᠦᠰ ᠬᠦᠷᠲᠡᠵᠦ ᠴᠣᠮᠣ᠂ ᠨᠢᠭᠡ ᠰᠠᠶ᠎ᠠ ᠲᠥᠭᠥᠷᠢᠭ ᠦᠨ ᠮᠥᠩᠭᠥᠨ ᠱᠠᠩᠨᠠᠯ ᠳᠤᠷᠠᠰᠬᠠᠯ ᠤᠨ ᠵᠦᠢᠯᠡᠰ ᠢᠶᠡᠷ ᠱᠠᠩᠨᠠᠭᠤᠯᠤᠯ᠎ᠠ᠃  ᠳᠡᠳ᠋ ᠪᠠᠶᠢᠷᠢ ᠶᠢ ᠠᠷᠤᠬᠠᠩᠭᠠᠢ ᠠᠶᠢᠮᠠᠭ ᠤᠨ ᠥᠨᠳᠥᠷ-ᠤᠯᠠᠭᠠᠨ ᠰᠤᠮᠤ ᠶᠢᠨ ᠤᠤᠭᠠᠯ ᠢᠷᠠᠭᠤ ᠨᠠᠶᠢᠷᠠᠭᠴᠢ ᠨ∙ᠮᠢᠨᠵᠢᠨᠰᠠᠶᠢᠬᠠᠨ᠂ ᠭᠤᠲᠠᠭᠠᠷ ᠪᠠᠶᠢᠷᠢ ᠶᠢ ᠵᠠᠪᠬᠠᠨ ᠠᠶᠢᠮᠠᠭ ᠤᠨ ᠤᠤᠭᠠᠯ ᠠᠯᠳᠠᠷᠬᠠᠨ ᠰᠤᠮᠤ ᠶᠢᠨ ᠢᠷᠠᠭᠤ ᠨᠠᠶᠢᠷᠠᠭᠴᠢ ᠸ ᠂  ᠨᠡᠷᠡᠭᠦᠢ ᠂ ᠳᠥᠷᠪᠡᠳᠦᠭᠡᠷ  ᠪᠠᠶᠢᠷᠢ ᠳᠤ ᠵᠠᠪᠬᠠᠨ ᠠᠶᠢᠮᠠᠭ ᠤᠨ  ᠰᠢᠯᠦᠭᠦᠰᠦᠲᠡᠢ ᠰᠤᠮᠤ ᠶᠢᠨ ᠤᠤᠭᠠᠯ ᠢᠷᠠᠭᠤ ᠨᠠᠶᠢᠷᠠᠭᠴᠢ ᠠ᠊∙ ᠪᠥᠬᠡᠨᠢᠮ᠎ᠠ᠂ ᠲᠤᠰᠬᠠᠢ ᠪᠠᠶᠢᠷᠢ ᠶᠢ ᠬᠡᠨᠲᠡᠢ ᠠᠶᠢᠮᠠᠭ ᠤᠨ ᠪᠠᠲᠤᠰᠢᠷᠡᠭᠡᠲᠦ ᠰᠤᠮᠤ ᠶᠢᠨ ᠤᠤᠭᠠᠯ ᠢᠷᠠᠭᠤ ᠨᠠᠶᠢᠷᠠᠭᠴᠢ ᠳ∙ᠭᠠᠩᠰᠦ᠋ᠷᠦᠩ ᠨᠠᠷ ᠲᠤᠰ ᠲᠤᠰ ᠬᠦᠷᠲᠡᠯ᠎ᠡ᠃
ᠨᠠᠭᠠᠳᠤᠮ ᠤᠨ ᠦᠶ᠎ᠡ ᠪᠡᠷ ᠪᠠᠷᠠᠭᠤᠨ ᠪᠥᠰᠡ ᠶᠢᠨ ᠵᠣᠬᠢᠶᠠᠯᠴᠢᠳ ᠤᠨ ᠠᠭᠤᠯᠵᠠᠯᠲᠠ ᠪᠣᠯᠵᠤ ᠵᠣᠬᠢᠶᠠᠯᠴᠢ ᠢᠷᠠᠭᠤ ᠨᠠᠶᠢᠷᠠᠭᠴᠢᠳ ᠵᠢᠯ ᠪᠦᠷᠢ ᠨᠢᠭᠡ ᠠᠶᠢᠮᠠᠭ ᠲᠤ ᠪᠠᠨ ᠴᠢᠭᠤᠯᠵᠤ᠂ ᠪᠠᠷᠠᠭᠤᠨ ᠪᠥᠰᠡ ᠶᠢᠨ ᠢᠷᠠᠭᠤ ᠨᠠᠶᠢᠷᠠᠭᠴᠢ ᠵᠣᠬᠢᠶᠠᠯᠴᠢᠳ ᠤᠨ ᠵᠣᠬᠢᠶᠠᠯ ᠪᠦᠲᠦᠭᠡᠯ ᠢ ᠣᠯᠠᠨ ᠨᠡᠶᠢᠲᠡ ᠳᠦ ᠰᠤᠷᠲᠠᠯᠴᠢᠯᠠᠬᠤ᠂ ᠬᠠᠮᠲᠤᠷᠠᠨ ᠠᠵᠢᠯᠯᠠᠬᠤ᠂ ᠠᠶᠢᠮᠠᠭ ᠪᠦᠷᠢ ᠳᠦ ᠪᠡᠨ ᠤᠳᠬ᠎ᠠ ᠵᠣᠬᠢᠶᠠᠯ ᠤᠨ ᠥᠷᠭᠥᠭᠡ ᠲᠡᠢ ᠪᠣᠯᠬᠤ᠂ ᠦᠢᠯᠡ ᠠᠵᠢᠯᠯᠠᠭ᠎ᠠ  ᠪᠠᠨ ᠲᠣᠭᠲᠠᠮᠠᠯᠵᠢᠭᠤᠯᠬᠤ᠂ ᠥᠷᠭᠡᠵᠢᠭᠦᠯᠬᠦ ᠭᠡᠬᠦᠴᠢᠯᠡᠨ ᠣᠯᠠᠨ ᠲᠠᠯ᠎ᠠ ᠶᠢᠨ ᠦᠢᠯᠡ ᠠᠵᠢᠯᠯᠠᠭ᠎ᠠ ᠶᠢ ᠬᠠᠮᠲᠤᠷᠠᠨ ᠵᠣᠬᠢᠶᠠᠨ ᠪᠠᠶᠢᠭᠤᠯᠬᠤ ᠪᠠᠷ ᠪᠣᠯᠵᠠᠢ᠃ ᠮᠥᠨ 2019 ᠣᠨ ᠳᠤ ᠢᠷᠠᠭᠤ ᠨᠠᠶᠢᠷᠠᠭ ᠤᠨ ᠲᠣᠮᠣᠬᠠᠨ ᠨᠠᠭᠠᠳᠤᠮ ᠢ ᠬᠣᠪᠳᠣ ᠠᠶᠢᠮᠠᠭ ᠤᠨ ᠤᠳᠬ᠎ᠠ ᠵᠣᠬᠢᠶᠠᠯ ᠤᠨ ᠨᠢᠭᠡᠳᠦᠯ ᠠᠶᠢᠮᠠᠭ ᠲᠤ ᠪᠠᠨ ᠵᠣᠬᠢᠶᠠᠨ ᠪᠠᠶᠢᠭᠤᠯᠬᠤ  ᠪᠠᠷ ᠪᠣᠯᠪᠠ᠃

ᠰᠡᠳᠬᠢᠭᠳᠡᠯ ᠦᠯᠡᠳᠡᠭᠡᠬᠦ