ᠭᠠᠳᠠᠭᠠᠳᠤ  ᠳᠤ ᠮᠠᠯ ᠤᠨ ᠮᠢᠬ᠎ᠠ ᠪᠡᠯᠡᠳᠬᠡᠨ ᠨᠡᠶᠢᠯᠡᠭᠦᠯᠵᠦ ᠪᠠᠶᠢᠨ᠎ᠠ | News.MN

ᠭᠠᠳᠠᠭᠠᠳᠤ  ᠳᠤ ᠮᠠᠯ ᠤᠨ ᠮᠢᠬ᠎ᠠ ᠪᠡᠯᠡᠳᠬᠡᠨ ᠨᠡᠶᠢᠯᠡᠭᠦᠯᠵᠦ ᠪᠠᠶᠢᠨ᠎ᠠ

ᠵᠠᠪᠬᠠᠨ ᠳᠤ ᠬᠥᠳᠡᠭᠡ ᠠᠵᠤ ᠠᠬᠤᠢ ᠶᠢᠨ ᠮᠠᠷᠺᠧᠲ᠋ᠢᠩ ᠲᠥᠰᠥᠯ ᠦᠨ ᠰᠠᠩᠬᠦᠦᠵᠢᠯᠲᠡ ᠪᠡᠷ ᠣᠳᠬᠣᠨ᠂ ᠴᠡᠴᠡᠨ ᠠᠭᠤᠯᠠ ᠰᠤᠮᠤᠨ ᠳᠤ ᠬᠣᠨᠣᠭ ᠲᠤ ᠳᠥᠷᠪᠡᠨ ᠪᠣᠳᠠ᠂ 40 ᠪᠣᠭ ᠨᠢᠳᠤᠯᠬᠤ ᠬᠦᠴᠦᠨ  ᠴᠢᠳᠠᠯᠲᠠᠢ ᠪᠠᠭ᠎ᠠ ᠣᠪᠣᠷ ᠤᠨ ᠨᠢᠳᠤᠯᠭᠠᠨ ᠤ ᠦᠢᠯᠡᠳᠪᠦᠷᠢ ᠪᠠᠶᠢᠭᠤᠯᠤᠭᠳᠠᠵᠠᠢ᠃
ᠢᠩᠭᠢᠭᠰᠡᠨ ᠢᠶᠠᠷ ᠳᠣᠲᠣᠭᠠᠳᠤ ᠶᠢᠨ ᠬᠡᠷᠡᠭᠴᠡᠭᠡᠨ ᠳᠦ ᠮᠢᠬ᠎ᠠ ᠪᠡᠯᠡᠳᠬᠡᠬᠦ ᠠᠵᠢᠯ ᠡᠷᠴᠢᠮᠵᠢᠭᠰᠡᠨ ᠪᠥᠭᠡᠳ ᠥᠨᠥᠳᠥᠷ ᠦᠨ ᠪᠠᠶᠢᠳᠠᠯ ᠢᠶᠠᠷ  ︽ᠲᠡᠰ ᠰᠢᠮ᠎ᠡ︾ ᠬᠣᠷᠰᠢᠶ᠎ᠠ 12 ᠲᠣᠨ ᠬᠣᠨᠢ᠂ ᠢᠮᠠᠭᠠᠨ ᠤ ᠮᠢᠬ᠎ᠠ᠂  ︽ᠵᠠᠪᠬᠠᠨ ᠬᠦᠨᠡᠰᠦ ︾  ᠺᠤᠮᠫᠠᠨᠢ 1000 ᠠᠳᠤᠭᠤᠨ ᠤ ᠮᠢᠬ᠎ᠠ ᠶᠢ ᠳᠡᠭᠡᠷᠡᠬᠢ ᠦᠢᠯᠡᠳᠪᠦᠷᠢ ᠪᠡᠷ ᠳᠠᠮᠵᠢᠭᠤᠯᠤᠨ ᠪᠡᠯᠡᠳᠬᠡᠵᠦ ᠳᠣᠲᠣᠭᠠᠳᠤ ᠶᠢᠨ ᠬᠡᠷᠡᠭᠴᠡᠭᠡᠨ ᠳᠦ ᠨᠡᠶᠢᠯᠡᠭᠦᠯᠵᠦ ᠪᠠᠶᠢᠨ᠎ᠠ᠃ ︽ᠮᠢᠬ᠎ᠠ ᠮᠠᠷᠺᠧᠲ︾ ᠺᠤᠮᠫᠠᠨᠢ ᠂ ︽ᠲᠡᠰ ᠰᠢᠮ᠎ᠡ︾ ᠬᠣᠷᠰᠢᠶ᠎ᠠ ᠠᠳᠤᠭᠤᠨ ᠤ ᠮᠢᠬ᠎ᠠ  ᠪᠡᠯᠡᠳᠬᠡᠵᠦ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ

ᠲᠤ ᠭᠡᠷ᠎ᠡ ᠶᠢᠨ ᠳᠠᠭᠠᠤ ᠨᠡᠶᠢᠯᠡᠭᠦᠯᠵᠦ ᠪᠠᠶᠢᠨ᠎ᠠ ᠃

ᠰᠡᠳᠬᠢᠭᠳᠡᠯ ᠦᠯᠡᠳᠡᠭᠡᠬᠦ