ᠨᠢᠰᠦᠯᠭᠡ ᠶᠢᠨ ᠤᠷᠤᠰᠬᠠᠯ ᠲᠥᠯᠥᠪᠯᠡᠯᠲᠡ ᠶᠢᠨ ᠠᠯᠪᠠᠨ ᠠᠴᠠ 2018 ᠣᠨ ᠤ ᠨᠢᠭᠡᠳᠦᠭᠡᠷ ᠰᠠᠷ᠎ᠠ ᠶᠢᠨ 1 ᠍ᠡᠴᠡ ᠠᠷᠪᠠᠳᠤᠭᠠᠷ ᠰᠠᠷ᠎ᠠ ᠶᠢᠨ 15 ᠍ ᠤ ᠡᠳᠦᠷ ᠬᠦᠷᠲᠡᠯᠡᠬᠢ ᠨᠢᠰᠦᠯᠭᠡ ᠶᠢᠨ ᠲᠥᠯᠥᠪᠯᠡᠯᠲᠡ᠂ ᠭᠦᠢᠴᠡᠳᠬᠡᠯ ᠦᠨ ᠮᠡᠳᠡᠭᠡ ᠶᠢ ᠭᠠᠷᠭᠠᠭᠰᠠᠨ ᠪᠠᠶᠢᠨ᠎ᠠ ᠃ ᠳᠡᠭᠡᠷᠡᠬᠢ ᠬᠤᠭᠤᠴᠠᠭᠠᠨ ᠳᠤ ᠨᠡᠶᠢᠲᠡ 222649 ᠨᠢᠰᠦᠯᠭᠡ ᠲᠥᠯᠥᠪᠯᠡᠵᠦ 109470 ᠨᠢᠰᠦᠯᠭᠡ ᠭᠦᠢᠴᠡᠳᠬᠡᠭᠳᠡᠭᠰᠡᠨ ᠪᠠ ᠣᠯᠠᠨ ᠤᠯᠤᠰ ᠤᠨ ᠥᠩᠭᠡᠷᠡᠯᠲᠡ ᠶᠢᠨ ᠬᠤᠪᠢᠶᠠᠷᠢ ᠳᠤ 90891 ᠨᠢᠰᠦᠯᠭᠡ᠂ ᠴᠠᠭ ᠤᠨ ᠬᠤᠪᠢᠶᠠᠷᠢ ᠶᠢᠨ ᠪᠤᠰᠤ 6469 ᠨᠢᠰᠦᠯᠭᠡ᠂ ᠣᠯᠠᠨ ᠤᠯᠤᠰ ᠤᠨ ᠬᠥᠭᠡᠷᠦᠯᠲᠡ᠂ ᠪᠠᠭᠤᠯᠲᠠ ᠶᠢᠨ ᠬᠤᠪᠢᠶᠠᠷᠢ ᠳᠤ ᠨᠢᠰᠦᠯᠭᠡ 5889᠂ ᠴᠠᠭ ᠤᠨ ᠬᠤᠪᠢᠶᠠᠷᠢ ᠶᠢᠨ ᠪᠤᠰᠤ 1033 ᠨᠢᠰᠦᠯᠭᠡ᠂ ᠣᠷᠣᠨ ᠨᠤᠲᠤᠭ ᠲᠤ ᠬᠤᠪᠢᠶᠠᠷᠢ ᠳᠤ 2654 ᠨᠢᠰᠦᠯᠭᠡ᠂ ᠴᠠᠭ ᠤᠨ ᠬᠤᠪᠢᠶᠠᠷᠢ ᠶᠢᠨ ᠪᠤᠰᠤ 2534 ᠨᠢᠰᠦᠯᠭᠡ ᠭᠦᠢᠴᠡᠳᠬᠡᠭᠳᠡᠵᠡᠢ᠃ ᠨᠡᠶᠢᠲᠡ ᠨᠢᠰᠦᠯᠭᠡ ᠶᠢ 2017 ᠣᠨ ᠤ ᠮᠥᠨ ᠦᠶ᠎ᠡ ᠲᠡᠢ ᠬᠠᠷᠢᠴᠠᠭᠤᠯᠪᠠᠯ 11503 ᠨᠢᠰᠦᠯᠭᠡ ᠪᠤᠶᠤ 11.7% ᠍ ᠢ ᠪᠠᠷ ᠥᠰᠦᠭᠰᠡᠨ ᠦᠵᠡᠭᠦᠯᠦᠯᠲᠡ ᠲᠡᠢ ᠪᠠᠶᠢᠨ᠎ᠠ᠃
2018 ᠣᠨ ᠤ ᠠᠷᠪᠠᠳᠤᠭᠠᠷ ᠰᠠᠷ᠎ᠠ ᠶᠢᠨ 23 ᠍ ᠤ ᠡᠳᠦᠷ ᠦᠨ CHINA EASTERN AIRLINES ᠠᠪᠢᠶ᠎ᠠ ᠺᠣᠮᠫᠠᠨᠢ ᠶᠢᠨ CES259 ᠠᠶᠠᠯᠠᠯ ᠤᠨ ᠳ᠋ᠤᠭᠠᠷ ᠲᠠᠢ ᠨᠢᠰᠦᠯᠭᠡ ᠣᠶᠢᠷᠠᠯᠴᠠᠭ᠎ᠠ ᠪᠠᠷ 17᠄55 ᠴᠠᠭ ᠤᠨ ᠦᠶ᠎ᠡ ᠳᠦ ᠮᠣᠩᠭᠣᠯ ᠤᠨ ᠭᠠᠵᠠᠷ ᠨᠤᠲᠤᠭ ᠳᠡᠭᠡᠭᠦᠷ 100000 ᠳ᠋ᠡᠬᠢ ᠥᠩᠭᠡᠷᠡᠯᠲᠡ ᠶᠢᠨ ᠨᠢᠰᠦᠯᠭᠡ ᠭᠦᠢᠴᠡᠳᠬᠡᠭᠳᠡᠬᠦ ᠠᠵᠠᠢ ᠃
2017 ᠣᠨ ᠳᠤ 100000 ᠳ᠋ᠡᠬᠢ ᠥᠩᠭᠡᠷᠡᠯᠲᠡ ᠶᠢᠨ ᠨᠢᠰᠦᠯᠭᠡ 11 ᠰᠠᠷ᠎ᠠ ᠶᠢᠨ 26 ᠍ ᠤ ᠡᠳᠦᠷ ᠭᠦᠢᠴᠡᠳᠬᠡᠭᠳᠡᠵᠦ ᠪᠠᠶᠢᠭᠰᠠᠨ ᠠᠴᠠ ᠬᠠᠷᠠᠬᠤ ᠳᠤ 2018 ᠣᠨ ᠤ ᠪᠠᠶᠢᠳᠠᠯ ᠢᠶᠠᠷ ᠥᠩᠭᠡᠷᠡᠯᠲᠡ ᠶᠢᠨ ᠨᠢᠰᠦᠯᠭᠡ ᠨᠢᠭᠡ ᠰᠠᠷ᠎ᠠ ᠶᠢᠨ ᠨᠢᠰᠦᠯᠭᠡ ᠶᠢᠨ ᠲᠣᠭ᠎ᠠ ᠪᠠᠷ ᠪᠤᠶᠤ ᠣᠶᠢᠷᠠᠯᠴᠠᠭ᠎ᠠ ᠪᠠᠷ 10000 ᠨᠢᠰᠦᠯᠭᠡ ᠪᠡᠷ ᠨᠡᠮᠡᠭᠳᠡᠭᠰᠡᠨ ᠪᠠᠶᠢᠨ᠎ᠠ᠃