ᠳᠠᠭᠤᠴᠢᠨ ᠡᠭᠡᠰᠢᠭᠯᠡᠩ ᠳᠦ ᠨᠢᠭᠡ ᠵᠢᠯ ᠦᠨ ᠶᠠᠯ᠎ᠠ ᠣᠨᠣᠭᠠᠯ᠎ᠠ | News.MN

ᠳᠠᠭᠤᠴᠢᠨ ᠡᠭᠡᠰᠢᠭᠯᠡᠩ ᠳᠦ ᠨᠢᠭᠡ ᠵᠢᠯ ᠦᠨ ᠶᠠᠯ᠎ᠠ ᠣᠨᠣᠭᠠᠯ᠎ᠠ

ᠤᠳᠤ ᠠᠴᠠ ᠭᠤᠷᠪᠠᠨ ᠰᠠᠷ᠎ᠠ ᠶᠢᠨ ᠡᠮᠦᠨ᠎ᠡ ᠬᠠᠷ᠎ᠠ ᠲᠠᠮᠠᠬᠢᠨ ᠤ ᠬᠡᠷᠡᠭ ᠢᠶᠡᠷ ᠰᠠᠭᠠᠳᠠᠭᠤᠯᠤᠭᠳᠠᠭᠠᠳ ᠪᠠᠶᠢᠭᠰᠠᠨ ᠳᠠᠭᠤᠴᠢᠨ ᠡᠭᠡᠰᠢᠭᠯᠡᠩ ᠪᠤᠶᠤ ᠲ∙ᠪᠣᠯᠣᠷᠲᠤᠶᠠᠭ᠎ᠠ᠂ Ice top ᠬᠠᠮᠲᠤᠯᠢᠭ ᠤᠨ ᠰ∙ᠴᠢᠯᠠᠭᠤᠨᠪᠠᠶᠠᠷ ᠨᠠᠷ ᠤᠨ ᠬᠡᠷᠡᠭ ᠦᠨ ᠮᠥᠷᠳᠡᠨ ᠪᠠᠶᠢᠴᠠᠭᠠᠯᠲᠠ  ᠳᠠᠭᠤᠰᠴᠦ᠂ ᠬᠡᠷᠡᠭ ᠢ ᠰᠢᠭᠦᠬᠦ ᠳᠦ ᠰᠢᠯᠵᠢᠭᠦᠯᠦᠭᠡᠳ ᠪᠠᠶᠢᠭᠰᠠᠨ ᠪᠢᠯᠡ᠃ ᠲᠡᠭᠡᠪᠡᠯ ᠲ∙ᠪᠣᠯᠣᠷᠲᠤᠶᠠᠭ᠎ᠠ ᠳᠤ ᠬᠠᠷ᠎ᠠ ᠲᠠᠮᠠᠬᠢ ᠮᠠᠩᠰᠢᠭᠤᠷᠠᠭᠤᠯᠬᠤ ᠪᠣᠳᠠᠰ ᠬᠡᠷᠡᠭᠯᠡᠭᠰᠡᠨ ᠭᠡᠬᠦ ᠦᠨᠳᠦᠰᠦᠯᠡᠯ ᠢᠶᠡᠷ ᠨᠢᠭᠡ ᠵᠢᠯ ᠦᠨ ᠬᠤᠷᠢᠬᠤ ᠶᠠᠯ᠎ᠠ ᠣᠨᠣᠭᠠᠵᠤ᠂ ᠶᠠᠯ᠎ᠠ ᠶᠢ ᠡᠩ ᠦᠨ ᠳᠢᠭᠯᠢᠮ ᠲᠡᠢ ᠬᠤᠷᠢᠬᠤ ᠠᠩᠭᠢ ᠳᠤ ᠪᠡᠶᠡᠴᠢᠯᠡᠨ ᠡᠳ᠋ᠯᠡᠭᠦᠯᠬᠦ᠂ ᠰ∙ᠴᠢᠯᠠᠭᠤᠨᠪᠠᠶᠠᠷ ᠲᠤ ᠬᠠᠷ᠎ᠠ ᠲᠠᠮᠠᠬᠢ ᠮᠠᠩᠰᠢᠭᠤᠷᠠᠭᠤᠯᠬᠤ ᠪᠣᠳᠠᠰ ᠬᠤᠳᠠᠯᠳᠤᠭᠰᠠᠨ᠂ ᠳᠠᠪᠲᠠᠨ ᠬᠡᠷᠡᠭᠯᠡᠭᠰᠡᠨ ᠭᠡᠬᠦ ᠦᠨᠳᠦᠰᠦᠯᠡᠯ ᠢᠶᠡᠷ ᠭᠤᠷᠪᠠᠨ ᠵᠢᠯ ᠦᠨ ᠬᠤᠷᠢᠬᠤ ᠢᠯᠠ ᠡᠳ᠋ᠯᠡᠭᠦᠯᠬᠦ ᠰᠢᠢᠳᠪᠦᠷᠢ ᠭᠠᠷᠭᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ