ᠪᠥᠬᠡᠴᠦᠳ ᠤᠷᠢᠶᠠᠯᠠᠭ᠎ᠠ ᠳᠤ ᠨᠢᠭᠡᠳᠴᠦ ᠪᠠᠶᠢᠨ᠎ᠠ | News.MN

ᠪᠥᠬᠡᠴᠦᠳ ᠤᠷᠢᠶᠠᠯᠠᠭ᠎ᠠ ᠳᠤ ᠨᠢᠭᠡᠳᠴᠦ ᠪᠠᠶᠢᠨ᠎ᠠ

ᠦᠨᠳᠦᠰᠦᠨ ᠦ  ᠪᠦᠬᠡ ᠳᠦ ᠪᠤᠢ ᠪᠣᠯᠤᠭᠠᠳ  ᠤᠳᠠᠵᠤ ᠪᠠᠶᠢᠭ᠎ᠠ ᠮᠠᠷᠭᠤᠭᠠᠨ ᠤ ᠤᠯᠠᠮ ᠠᠴᠠ ᠪᠥᠬᠡ ᠶᠢᠨ ᠥᠷᠭᠦᠭᠡᠨ ᠳᠦ ᠪᠣᠯᠳᠠᠭ ᠪᠠᠷᠢᠯᠳᠤᠭᠠᠨ ᠨᠤᠭᠤᠳ ᠴᠤᠴᠠᠯᠠᠭᠳᠠᠵᠤ ᠪᠥᠬᠡᠴᠦᠳ ᠦᠨ  ᠪᠡᠯᠡᠳᠭᠡᠯ ᠲᠡᠳᠦᠢ ᠦᠭᠡᠢ ᠪᠥᠬᠡ ᠰᠣᠨᠢᠷᠬᠠᠭᠴᠢ᠂ ᠦᠵᠡᠭᠴᠢᠳ ᠦᠨ ᠡᠷᠬᠡ ᠠᠰᠢᠭ ᠢ ᠬᠣᠬᠢᠷᠠᠭᠠᠵᠤ ᠪᠠᠶᠢᠨ᠎ᠠ ᠭᠡᠵᠦ ᠦᠵᠡᠭᠰᠡᠨ ᠦ ᠤᠴᠢᠷ ᠬᠡᠰᠡᠭ ᠪᠥᠬᠡᠴᠦᠳ ᠠᠭᠤᠯᠵᠠᠯᠲᠠ ᠵᠣᠬᠢᠶᠠᠨ ᠪᠠᠶᠢᠭᠤᠯᠵᠤ ᠰᠠᠨᠠᠯ ᠪᠣᠳᠣᠯ ᠢᠶᠠᠨ ᠰᠣᠯᠢᠯᠴᠠᠨ ᠪᠥᠬᠡᠴᠦᠳ ᠢ ᠨᠡᠶᠢᠲᠡ ᠪᠡᠷ ᠢᠶᠡᠨ ᠡᠪᠯᠡᠯᠳᠦᠨ  ᠨᠢᠭᠡᠳᠬᠦ  ᠤᠷᠢᠶᠠᠯᠠᠭ᠎ᠠ ᠭᠠᠷᠭᠠᠬᠤ ᠪᠠᠷ ᠪᠣᠯᠵᠠᠢ᠃ ᠡᠨᠡ ᠤᠷᠢᠶᠠᠯᠠᠭ᠎ᠠ  ᠲᠠᠢ ᠵᠡᠷᠭᠡᠴᠡᠭᠦᠯᠦᠨ ᠪᠥᠬᠡᠴᠦᠳ ᠦᠨ ᠳᠠᠭᠤ ᠬᠣᠭᠣᠯᠠᠢ ᠶᠢ ᠣᠯᠠᠨ ᠨᠡᠶᠢᠲᠡ ᠶᠢᠨ ᠰᠣᠨᠣᠷ ᠲᠤ ᠬᠦᠷᠭᠡᠵᠦ ᠮᠠᠷᠭᠤᠯᠳᠤᠭᠴᠢ  ᠲᠠᠯ᠎ᠠ ᠨᠤᠭᠤᠳ ᠤᠨ ᠠᠯᠢ ᠨᠢᠭᠡ ᠶᠢ ᠠᠯᠪᠠᠨ ᠶᠣᠰᠣᠨ ᠤ ᠬᠣᠯᠪᠣᠭ᠎ᠠ ᠪᠣᠯᠬᠤ ᠲᠠᠯ᠎ᠠ ᠪᠠᠷ ᠰᠢᠢᠳᠪᠦᠷᠢ ᠭᠠᠷᠭᠠᠵᠤ  ᠴᠢᠳᠠᠬᠤ ᠦᠭᠡᠢ ᠪᠠᠶᠢᠭ᠎ᠠ ᠬᠠᠤᠯᠢ  ᠰᠢᠭᠦᠬᠦ  ᠶᠢᠨ ᠬᠢᠨ ᠳᠦ ᠱᠠᠭᠠᠷᠳᠠᠯᠭ᠎ᠠ ᠬᠦᠷᠭᠡᠭᠦᠯᠬᠦ ᠵᠣᠷᠢᠯᠭ᠎ᠠ ᠲᠠᠢ ᠶᠤᠮ ᠪᠠᠶᠢᠨ᠎ᠠ᠃ ᠤᠴᠢᠷ ᠨᠢ ᠰᠢᠭᠦᠬᠦ  ᠶᠢᠨ ᠬᠢᠨ ᠠᠰᠠᠭᠤᠳᠠᠯ ᠢ ᠬᠠᠤᠯᠢ ᠶᠢᠨ ᠳᠠᠭᠠᠤ ᠰᠢᠢᠳᠬᠦ ᠶᠢᠨ ᠣᠷᠣᠨ ᠳᠤ ᠪᠥᠬᠡ ᠶᠢᠨ ᠥᠷᠭᠥᠭᠡ ᠶᠢ ᠴᠠᠭᠳᠠᠭ᠎ᠠ ᠶᠢᠨ ᠬᠠᠮᠠᠭᠠᠯᠠᠯᠲᠠ ᠳᠤ ᠠᠪᠬᠤ ᠲᠡᠳᠦᠢ ᠪᠡᠷ ᠠᠵᠢᠯᠯᠠᠵᠤ ᠪᠠᠶᠢᠨ᠎ᠠ ᠭᠡᠵᠦ ᠪᠥᠬᠡᠴᠦᠳ ᠶᠠᠷᠢᠵᠤ ᠪᠠᠶᠢᠭ᠎ᠠ ᠶᠤᠮ᠃
ᠪᠥᠬᠡᠴᠦᠳ ᠬᠠᠭᠠᠷᠠᠯᠳᠤᠬᠤ ᠪᠢᠰᠢ ᠡᠪᠯᠡᠯᠳᠦᠨ ᠨᠢᠭᠡᠳᠦᠶ᠎ᠡ ᠭᠡᠰᠡᠨ ᠤᠷᠢᠶᠠᠯᠠᠭ᠎ᠠ  ᠳᠤ ᠤᠯᠤᠰ ᠤᠨ ᠠᠷᠰᠯᠠᠨ ᠡ᠊∙ᠤᠶᠤᠨᠪᠤᠯᠤᠳ᠂ ᠼ∙ᠰᠣᠳᠨᠠᠮᠳᠣᠷᠵᠢ᠂ ᠤᠯᠤᠰ ᠤᠨ  ᠬᠠᠷᠴᠠᠭᠠᠢ ᠪ∙ᠤᠳᠤᠭᠡᠷᠡᠯ᠂ ᠨ∙ᠪᠠᠲᠤᠵᠠᠶᠠᠭ᠎ᠠ᠂ ᠤᠯᠤᠰ ᠤᠨ ᠨᠠᠴᠢᠨ ᠳ∙ᠴᠣᠭᠵᠢᠯᠳᠣᠷᠵᠢ᠂ ᠠ᠊∙ᠠᠯᠲᠠᠨᠬᠤᠶᠠᠭ᠂ ᠠᠶᠢᠮᠠᠭ ᠤᠨ ᠠᠷᠰᠯᠠᠨ ᠳ∙ᠲᠤᠭᠲᠠᠬᠤᠵᠢᠷᠭᠠᠯ᠂ ᠫ᠂ ᠦᠰᠬᠦᠪᠠᠭᠠᠲᠤᠷ ᠨᠠᠷ ᠤᠨ 30 ᠭᠠᠷᠤᠢ ᠪᠥᠬᠡ ᠨᠢᠭᠡᠳᠦᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ