ᠵᠠᠪᠬᠠᠨ ᠳ᠋ᠡᠬᠢ ᠵᠠᠪᠬᠠᠨ ᠭᠣᠣᠯ ᠬᠢᠷᠭᠠᠰ ᠨᠠᠭᠤᠷ ᠤᠨ ᠰᠠᠪᠠ ᠭᠠᠵᠠᠷ ᠠᠴᠠ ᠵᠠᠪᠬᠠᠨ ᠤ ᠰᠢᠯᠦᠭᠦᠰᠦᠳᠡᠢ ᠂ ᠣᠳᠬᠣᠨ᠂ ᠴᠠᠭᠠᠨᠬᠠᠶᠢᠷᠬᠠᠨ᠂ ᠴᠠᠭᠠᠨᠴᠢᠯᠠᠭᠤᠲᠤ ᠵᠡᠷᠭᠡ 19 ᠰᠤᠮᠤᠨ ᠳᠤ ᠤᠰᠤᠨ ᠤ ᠲᠣᠭ᠎ᠠ ᠪᠦᠷᠢᠳᠬᠡᠯ ᠦᠨ ᠠᠵᠢᠯ ᠢ 9 ᠍ ᠳᠦᠭᠡᠷ ᠰᠠᠷ᠎ᠠ ᠶᠢᠨ 10 – 27
ᠢ ᠬᠦᠷᠲᠡᠯ᠎ᠡ ᠬᠢᠵᠡᠢ ᠃ ᠡᠨᠡ ᠦᠶ᠎ᠡ ᠪᠡᠷ ᠨᠡᠶᠢᠲᠡ 521 ᠪᠤᠯᠠᠭ ᠲᠣᠭᠠᠯᠠᠭᠳᠠᠭᠰᠠᠨ ᠠᠴᠠ ᠪᠠᠶᠢᠩᠭᠤ ᠶᠢᠨ ᠤᠷᠤᠰᠴᠠ ᠲᠠᠢ 464 ᠪᠤᠯᠠᠭ ᠪᠦᠷᠢᠳᠬᠡᠭᠳᠡᠵᠡᠢ᠃ ᠬᠠᠷᠢᠨ 56 ᠪᠤᠯᠠᠭ ᠰᠢᠷᠭᠢᠭᠰᠡᠨ᠂ ᠬᠠᠰᠢᠵᠤ ᠬᠠᠮᠠᠭᠠᠯᠠᠬᠤ ᠱᠠᠭᠠᠷᠳᠠᠯᠭ᠎ᠠ ᠲᠠᠢ 11 ᠪᠤᠯᠠᠭ᠂ ᠬᠠᠮᠠᠭᠠᠯᠠᠭᠳᠠᠭᠰᠠᠨ 36 ᠪᠤᠯᠠᠭ ᠪᠠᠶᠢᠨ᠎ᠠ᠃ ᠮᠥᠨ 21 ᠷᠠᠰᠢᠶᠠᠨ᠂ 193 ᠭᠣᠣᠯ ᠭᠤᠷᠤᠬ᠎ᠠ ᠂ 139 ᠨᠠᠭᠤᠷ ᠲᠣᠭᠣᠷᠢᠮ 664 ᠬᠤᠳᠳᠤᠭ ᠪᠦᠷᠢᠳᠬᠡᠭᠳᠡᠵᠡᠢ᠃ ᠡᠭᠦᠨ ᠡᠴᠡ ᠵᠢᠷᠭᠤᠭᠠᠨ ᠭᠣᠣᠯ ᠭᠤᠷᠤᠬ᠎ᠠ᠂ 9 ᠨᠠᠭᠤᠷ ᠰᠢᠷᠭᠢᠭᠰᠡᠨ᠂ ᠪᠠᠶᠢᠩᠭᠤ ᠶᠢᠨ ᠤᠷᠤᠰᠴᠠ ᠲᠠᠢ 178 ᠭᠣᠣᠯ ᠭᠤᠷᠤᠬ᠎ᠠ᠂ ᠲᠠᠰᠤᠷᠠᠭᠰᠠᠨ 9 ᠭᠣᠣᠯ ᠭᠤᠷᠤᠬ᠎ᠠ ᠪᠦᠷᠢᠳᠬᠡᠭᠳᠡᠵᠡᠢ᠃ ᠵᠠᠪᠬᠠᠨ ᠠᠶᠢᠮᠠᠭ ᠤᠨ ᠬᠡᠮᠵᠢᠶᠡᠨ ᠳᠦ 259 ᠭᠠᠷ ᠬᠤᠳᠳᠤᠭ ᠪᠠᠶᠢᠨ᠎ᠠ᠃ ᠣᠳᠣ ᠪᠠᠷ ᠰᠠᠪᠠ ᠭᠠᠵᠠᠷ ᠤᠨ ᠬᠡᠮᠵᠢᠶᠡᠨ ᠳᠦ ᠤᠰᠤᠨ ᠤ ᠲᠣᠭ᠎ᠠ ᠪᠦᠷᠢᠳᠬᠡᠯ ᠦᠨ ᠠᠵᠢᠯ 80 ᠬᠤᠪᠢ ᠲᠠᠢ ᠪᠠᠶᠢᠨ᠎ᠠ᠃