ᠱᠤᠶᠢᠭᠤ᠋ ᠰᠢᠯᠦᠭ ᠦᠨ ᠮᠥᠷ ᠡᠴᠡ ᠡᠰᠢ ᠲᠠᠲᠠᠪᠠ | News.MN

ᠱᠤᠶᠢᠭᠤ᠋ ᠰᠢᠯᠦᠭ ᠦᠨ ᠮᠥᠷ ᠡᠴᠡ ᠡᠰᠢ ᠲᠠᠲᠠᠪᠠ

ᠣᠷᠣᠰ  ᠤᠨ ᠪᠠᠲᠤᠯᠠᠨ ᠬᠠᠮᠠᠭᠠᠯᠠᠬᠤ ᠶᠢᠨ ᠰᠠᠶᠢᠳ ᠰᠧᠷᠠᠭᠢ ᠱᠤᠶᠢᠭᠤ᠋ ᠮᠣᠩᠭᠣᠯ ᠤᠯᠤᠰ ᠤᠨ ᠶᠡᠷᠦᠩᠬᠡᠢ ᠰᠠᠶᠢᠳ ᠲᠤ ᠪᠠᠷᠠᠭᠠᠯᠬᠠᠵᠤ᠂ ᠣᠷᠣᠰ ᠤᠨ ᠵᠡᠪᠰᠡᠭᠲᠦ ᠬᠦᠴᠦᠨ ᠦ  ᠰᠢᠷᠢᠶ᠎ᠠ ᠤᠯᠤᠰ ᠲᠤ ᠣᠯᠵᠤ ᠠᠪᠤᠭᠰᠠᠨ ᠲᠤᠷᠰᠢᠯᠭ᠎ᠠ ᠴᠢᠨᠠᠭᠰᠢᠳᠠ ᠬᠡᠷᠡᠭ ᠪᠣᠯᠬᠤ ᠦᠭᠡᠢ ᠪᠣᠯᠪᠠᠴᠤ ᠪᠦᠬᠦ ᠵᠦᠢᠯ ᠳᠦ ᠪᠡᠯᠡᠨ ᠪᠠᠶᠢᠬᠤ ᠬᠡᠷᠡᠭᠲᠡᠢ ᠭᠡᠳᠡᠭ ᠢ ᠲᠠᠶᠢᠯᠪᠤᠷᠢᠯᠠᠬᠤ ᠳᠤ ᠪᠠᠨ ᠰᠢᠯᠦᠭ ᠦᠨ ᠮᠥᠷ ᠡᠴᠡ ᠡᠰᠢ ᠲᠠᠲᠠᠭᠰᠠᠨ ᠲᠠᠯ᠎ᠠ ᠪᠠᠷ РИА ᠨᠣᠪᠣᠰᠲ᠋ᠢ ᠠᠭᠧᠨᠲᠯᠢᠭ ᠮᠡᠳᠡᠭᠡᠯᠡᠵᠡᠢ᠃
ᠰᠧᠷᠠᠭᠢ ᠱᠣᠶᠢᠭᠤ ᠤ᠊∙ᠬᠦᠷᠡᠯᠰᠦ᠋ᠬᠡ ᠲᠡᠢ ᠠᠭᠤᠯᠵᠠᠬᠤ ᠳᠤ ᠪᠠᠨ ᠄ ᠪᠢᠳᠡᠨ ᠦ ᠣᠯᠵᠤ ᠠᠪᠤᠭᠰᠠᠨ ᠲᠤᠷᠰᠢᠯᠭ᠎ᠠ ᠶᠢ ᠬᠥᠷᠰᠢ ᠨᠦᠭᠦᠳ᠂ ᠨᠠᠶᠢᠵᠠ ᠨᠥᠬᠥᠳ ᠲᠡᠢ ᠪᠡᠨ ᠬᠤᠪᠢᠶᠠᠯᠴᠠᠬᠤ ᠶᠢ  ᠬᠦᠰᠡᠵᠦ ᠪᠠᠶᠢᠨ᠎ᠠ᠃ ᠡᠨᠡ ᠲᠤᠷᠰᠢᠯᠭ᠎ᠠ ᠬᠡᠵᠢᠶ᠎ᠡ ᠴᠤ ᠳᠠᠬᠢᠨ ᠬᠡᠷᠡᠭ ᠪᠣᠯᠬᠤ ᠦᠭᠡᠢ ᠭᠡᠳᠡᠭ ᠲᠦ ᠢᠲᠡᠭᠡᠵᠦ ᠨᠠᠶᠢᠳᠠᠬᠤ ᠶᠢ  ᠬᠦᠰᠡᠵᠦ ᠪᠠᠶᠢᠭ᠎ᠠ ᠪᠣᠯᠪᠠᠴᠤ ︽ᠢᠲᠡᠭᠡᠯ ᠨᠠᠶᠢᠳᠠᠪᠤᠷᠢ ᠢᠳᠡᠷ ᠬᠥᠪᠡᠭᠦᠳ ᠢ ᠯᠠ ᠲᠡᠳᠬᠦᠳᠡᠭ︾ ᠭᠡᠵᠦ ᠮᠠᠨ ᠤ ᠠᠯᠳᠠᠷᠲᠠᠢ ᠢᠷᠠᠭᠤ ᠨᠠᠶᠢᠷᠠᠭᠴᠢ ᠬᠡᠯᠡᠭᠰᠡᠨ ᠪᠠᠶᠢᠳᠠᠭ᠃ ᠪᠢᠳᠡ ᠡᠨᠡ ᠨᠠᠰᠤ ᠶᠢ  ᠬᠡᠳᠦᠶᠢᠨᠡᠢ ᠲᠤᠭᠤᠯᠤᠭᠠᠳ ᠥᠩᠭᠡᠷᠡᠭᠦᠯᠦᠭᠰᠡᠨ ᠤᠴᠢᠷ ᠡᠶᠢᠮᠦ ᠦᠢᠯᠡ ᠶᠠᠪᠤᠳᠠᠯ ᠳᠤ ᠪᠡᠯᠡᠨ ᠪᠠᠶᠢᠬᠤ ᠨᠢ ᠢᠯᠡᠭᠦᠦ ᠳᠡᠭᠡᠷ᠎ᠡ ᠭᠡᠵᠦ ᠬᠡᠯᠡᠭᠰᠡᠨ ᠪᠠᠶᠢᠨ᠎ᠠ᠃ ᠲᠡᠷᠡ  ᠪᠡᠷ ᠡᠮᠦᠨ᠎ᠡ ᠨᠢ ᠰᠢᠷᠢᠶ᠎ᠡ ᠳ᠋ᠡᠬᠢ ᠨᠥᠬᠥᠴᠡᠯ ᠪᠠᠶᠢᠳᠠᠯ ᠪᠣᠯᠤᠨ ᠣᠷᠣᠰ  ᠤᠨ ᠵᠡᠪᠰᠡᠭᠲᠦ ᠬᠦᠴᠦᠨ ᠦ ᠬᠥᠭᠵᠢᠯ ᠦᠨ ᠲᠠᠯ᠎ᠠ ᠪᠠᠷ ᠮᠣᠩᠭᠣᠯ ᠤᠨ ᠴᠡᠷᠢᠭ ᠦᠨ ᠤᠳᠤᠷᠢᠳᠤᠯᠭ᠎ᠠ ᠨᠤᠭᠤᠳ ᠲᠤ ᠶᠠᠷᠢᠵᠠᠢ᠃ ᠡᠭᠦᠨ ᠡᠴᠡ ᠭᠠᠳᠠᠨ᠎ᠠ᠂ ᠬᠣᠶᠠᠷ ᠣᠷᠣᠨ ︽ᠴᠡᠷᠢᠭ ᠦᠨ ᠰᠠᠯᠪᠤᠷᠢ ᠳᠤ ᠬᠠᠮᠲᠤᠷᠠᠨ ᠠᠵᠢᠯᠯᠠᠬᠤ ᠤᠷᠲᠤ ᠬᠤᠭᠤᠴᠠᠭᠠᠨ ᠤ ᠲᠣᠮᠣᠬᠠᠨ ᠬᠥᠲᠥᠯᠪᠦᠷᠢ ︾ ᠳᠤ ᠭᠠᠷ ᠤᠨ ᠦᠰᠦᠭ ᠵᠢᠷᠤᠯ᠎ᠠ ᠭᠡᠵᠦ ᠱᠤᠶᠢᠭᠤ᠋ ᠬᠡᠯᠡᠭᠰᠡᠨ ᠪᠠᠶᠢᠨ᠎ᠠ᠃ ᠮᠥᠨ ᠴᠠᠭᠠᠰᠢᠳᠠ ᠴᠡᠷᠢᠭ ᠦᠨ ᠪᠣᠯᠤᠨ ᠴᠡᠷᠢᠭ ᠲᠧᠭᠨᠢᠭ ᠦᠨ ᠬᠠᠮᠲᠤ ᠶᠢᠨ ᠠᠵᠢᠯᠯᠠᠭᠠᠨ ᠤ ᠲᠥᠯᠥᠪᠯᠡᠭᠡ ᠶᠢ ᠲᠠᠪᠤᠨ ᠵᠢᠯ ᠢᠶᠡᠷ ᠭᠠᠷᠭᠠᠵᠤ ᠪᠠᠶᠢᠬᠤ ᠪᠠᠷ ᠲᠣᠬᠢᠷᠠᠯᠴᠠᠵᠠᠢ᠃
ᠰᠧᠷᠠᠭᠢ ᠱᠤᠶᠢᠭᠤ᠋ ᠶᠢ ᠮᠣᠩᠭᠣᠯ ᠤᠯᠤᠰ ᠲᠤ ᠠᠯᠪᠠᠨ ᠶᠣᠰᠣᠭᠠᠷ ᠠᠶᠢᠯᠴᠢᠯᠠᠬᠤ ᠦᠶ᠎ᠡ ᠪᠡᠷ ᠴᠡᠷᠢᠭ ᠦᠨ ᠭᠠᠪᠢᠶᠠᠨ ᠤ ᠤᠯᠠᠭᠠᠨ ᠲᠤᠭ ᠤᠨ ᠣᠳᠣᠨ ᠢᠶᠠᠷ ᠱᠠᠩᠨᠠᠭᠰᠠᠨ ᠪᠠᠶᠢᠨ᠎ᠠ᠃ ᠲᠡᠭᠦᠨ ᠳᠦ ᠤᠭ ᠱᠠᠩᠨᠠᠯ ᠢ ᠮᠣᠩᠭᠣᠯ ᠤᠨ ᠤᠯᠤᠰ ᠤᠨ ᠶᠡᠬᠡ ᠬᠤᠷᠠᠯ ᠤᠨ ᠳᠠᠷᠤᠭ᠎ᠠ ᠮ∙ᠡᠩᠬᠡᠪᠣᠯᠤᠳ ᠭᠠᠷᠳᠠᠭᠤᠯᠤᠨ ᠥᠭᠴᠡᠢ᠃

ᠰᠡᠳᠬᠢᠭᠳᠡᠯ ᠦᠯᠡᠳᠡᠭᠡᠬᠦ