ᠢᠷᠡᠬᠦ ᠣᠨ ᠳᠤ ᠭᠤᠷᠪᠠᠨ ᠡᠭᠡᠯᠵᠢ ᠪᠡᠷ ᠬᠢᠴᠢᠶᠡᠯᠯᠡᠳᠡᠭ ᠢ ᠪᠤᠯᠢᠭᠤᠯᠤᠨ᠎ᠠ | News.MN

ᠢᠷᠡᠬᠦ ᠣᠨ ᠳᠤ ᠭᠤᠷᠪᠠᠨ ᠡᠭᠡᠯᠵᠢ ᠪᠡᠷ ᠬᠢᠴᠢᠶᠡᠯᠯᠡᠳᠡᠭ ᠢ ᠪᠤᠯᠢᠭᠤᠯᠤᠨ᠎ᠠ

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠨᠢᠭᠡᠳᠦᠭᠰᠡᠨ ᠬᠤᠷᠠᠯᠳᠤᠭᠠᠨ ᠢᠶᠠᠷ ᠵᠠᠰᠠᠭ ᠤᠨ ᠭᠠᠵᠠᠷ ᠠᠴᠠ  ︽ᠮᠣᠩᠭᠣᠯ ᠤᠯᠤᠰ ᠤᠨ 2019 ᠣᠨ ᠤ ᠲᠥᠰᠥᠪ ᠦᠨ ᠲᠥᠰᠥᠯ ︾ ᠲᠡᠢ ᠬᠠᠮᠲᠤ ᠡᠷᠭᠦᠨ ᠮᠡᠳᠡᠭᠦᠯᠦᠭᠰᠡᠨ ᠨᠡᠶᠢᠲᠡ ᠶᠢᠰᠦᠨ ᠬᠠᠤᠯᠢ᠂ ᠲᠣᠭᠲᠠᠭᠠᠯ ᠤᠨ ᠲᠥᠰᠥᠯ ᠢ ᠬᠡᠯᠡᠯᠴᠡᠯ᠎ᠡ᠃ ᠢᠷᠡᠬᠦ ᠣᠨ ᠤ ᠲᠥᠰᠥᠪ ᠦᠨ ᠲᠥᠰᠥᠯ ᠲᠡᠢ ᠬᠠᠮᠲᠤ  ︽ᠲᠥᠰᠥᠪ ᠦᠨ ᠲᠤᠬᠠᠢ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ ᠲᠤᠬᠠᠢ ︾᠂  ︽ᠢᠷᠡᠭᠡᠳᠦᠢ ᠶᠢᠨ ᠲᠡᠳᠬᠦᠪᠦᠷᠢ ᠶᠢᠨ ᠨᠥᠭᠡᠴᠡ ᠰᠠᠩ ᠤᠨ ᠲᠤᠬᠠᠢ ︾ ᠂ ︽ ᠵᠠᠰᠠᠭ ᠤᠨ ᠭᠠᠵᠠᠷ ᠤᠨ ᠲᠤᠰᠬᠠᠢ ᠰᠠᠩ ᠤᠨ ᠲᠤᠬᠠᠢ ︾ ᠂ ︽ᠪᠣᠯᠪᠠᠰᠤᠷᠠᠯ ᠤᠨ ᠲᠤᠬᠠᠢ︾  ᠵᠡᠷᠭᠡ ᠬᠠᠤᠯᠢ ᠳᠤ ᠨᠡᠮᠡᠯᠲᠡ ᠥᠭᠡᠷᠡᠴᠢᠯᠡᠯᠲᠡ ᠤᠷᠤᠭᠤᠯᠬᠤ  ᠬᠠᠤᠯᠢ ᠶᠢᠨ ᠲᠥᠰᠥᠯ ᠤᠳ ᠢ ᠡᠷᠭᠦᠨ ᠮᠡᠳᠡᠭᠦᠯᠦᠭᠰᠡᠨ ᠶᠤᠮ᠃ ᠤᠯᠤᠰ ᠤᠨ ᠶᠡᠬᠡ ᠬᠤᠷᠠᠯ ᠤᠨ ᠭᠡᠰᠢᠭᠦᠳ ᠬᠡᠯᠡᠯᠴᠡᠵᠦ ᠪᠤᠢ ᠠᠰᠠᠭᠤᠳᠠᠯ ᠲᠠᠢ ᠬᠣᠯᠪᠣᠭᠳᠠᠭᠤᠯᠤᠨ ᠠᠰᠠᠭᠤᠯᠲᠠ ᠠᠰᠠᠭᠤᠵᠤ᠂ ᠰᠠᠨᠠᠯ ᠬᠡᠯᠡᠯ᠎ᠡ᠃
ᠵ∙ᠭᠠᠩᠪᠠᠭᠠᠲᠤᠷ ᠭᠡᠰᠢᠭᠦᠨ ᠄ ᠢᠷᠡᠬᠦ ᠣᠨ ᠤ ᠲᠥᠰᠥᠪ ᠦᠨ 1.9 ᠶᠡᠬᠡ  ᠨᠠᠶᠠᠳ ᠲᠥᠭᠥᠷᠢᠭ ᠦᠨ ᠠᠯᠳᠠᠭᠳᠠᠯ ᠢ ᠬᠡᠷᠬᠢᠨ ᠨᠥᠬᠥᠬᠥ ᠪᠤᠢ᠃ ᠤᠯᠠᠭᠠᠨᠪᠠᠭᠠᠲᠤᠷ  ᠬᠤᠲᠠ  ᠳᠤ ᠰᠤᠷᠭᠠᠭᠤᠯᠢ᠂ ᠴᠡᠴᠡᠷᠯᠢᠭ ᠦᠳ ᠡᠴᠡ ᠭᠠᠳᠠᠨ᠎ᠠ ᠲᠣᠮᠣᠬᠠᠨ ᠶᠠᠮᠠᠷ ᠶᠠᠮᠠᠷ ᠪᠦᠲᠦᠭᠡᠨ ᠪᠠᠶᠢᠭᠤᠯᠤᠯᠲᠠ ᠬᠢᠬᠦ ᠪᠡᠷ ᠲᠥᠯᠥᠪᠯᠡᠭᠰᠡᠨ ᠪᠤᠢ ︖
ᠰᠠᠩ ᠤᠨ ᠰᠠᠶᠢᠳ ᠴ∙ ᠬᠦᠷᠡᠯᠪᠠᠭᠠᠲᠤᠷ᠄ ᠢᠷᠡᠬᠦ ᠣᠨ ᠤ ᠲᠥᠰᠥᠪ ᠦᠨ ᠠᠯᠳᠠᠭᠳᠠᠯ ᠤᠨ ᠳᠡᠶᠢᠯᠦᠩᠬᠢ ᠬᠡᠰᠡᠭ ᠢ ᠭᠠᠳᠠᠭᠠᠳᠤ ᠶᠢᠨ ᠵᠢᠭᠡᠯᠡ ᠲᠤᠰᠠᠯᠠᠮᠵᠢ ᠪᠠᠷ ᠬᠡᠷᠡᠭᠵᠢᠭᠦᠯᠬᠦ ᠰᠢᠨ᠎ᠡ ᠨᠢᠰᠬᠦ ᠪᠠᠭᠤᠳᠠᠯ᠂ ᠤᠯᠠᠭᠠᠨᠪᠠᠭᠠᠲᠤᠷ ᠳᠠᠷᠬᠠᠨ ᠴᠢᠭᠯᠡᠯ ᠦᠨ ᠠᠦ᠋ᠲ᠋ᠤ᠋ ᠵᠠᠮ᠂ ᠲᠥᠪ ᠴᠡᠪᠡᠷᠯᠡᠬᠦ ᠪᠠᠶᠢᠭᠤᠯᠤᠮᠵᠢ ᠪᠠᠷᠢᠬᠤ ᠵᠡᠷᠭᠡ ᠲᠣᠮᠣᠬᠠᠨ ᠪᠦᠲᠦᠭᠡᠨ ᠪᠠᠶᠢᠭᠤᠯᠤᠯᠲᠠ ᠪᠠᠭᠲᠠᠵᠤ ᠪᠠᠶᠢᠭ᠎ᠠ ᠶᠤᠮ᠃ ᠥᠭᠡᠷ᠎ᠡ ᠪᠡᠷ ᠬᠡᠯᠡᠪᠡᠯ᠂ ᠡᠨᠡ ᠠᠯᠳᠠᠭᠳᠠᠯ ᠤᠨ ᠳᠡᠶᠢᠯᠦᠩᠬᠢ ᠬᠡᠰᠡᠭ ᠢ ᠤᠷᠲᠤ ᠬᠤᠭᠤᠴᠠᠭᠠᠨ ᠳᠤ᠂ ᠬᠥᠩᠭᠡᠯᠡᠯᠲᠡ ᠲᠡᠢ ᠨᠥᠬᠥᠴᠡᠯ ᠢᠶᠡᠷ ᠤᠯᠭᠤᠬᠤ ᠪᠣᠯᠤᠮᠵᠢ ᠪᠤᠢ᠃ ᠲᠡᠭᠦᠨᠴᠢᠯᠡᠨ ᠢᠷᠡᠬᠦ ᠣᠨ ᠤ ᠲᠥᠰᠥᠪ ᠡᠴᠡ ᠤᠯᠠᠭᠠᠨᠪᠠᠭᠠᠲᠤᠷ ᠬᠣᠲᠠ ᠶᠢᠨ ᠠᠭᠠᠷ ᠤᠨ ᠪᠤᠬᠢᠷᠳᠤᠯ ᠢ ᠪᠠᠭᠤᠷᠠᠭᠤᠯᠬᠤ᠂ ᠭᠤᠷᠪᠠᠨ ᠡᠭᠡᠯᠵᠢ ᠪᠡᠷ ᠬᠢᠴᠢᠶᠡᠯᠯᠡᠵᠦ ᠪᠤᠢ ᠰᠤᠷᠭᠠᠭᠤᠯᠢ ᠶᠢ ᠬᠣᠶᠠᠷ ᠡᠭᠡᠯᠵᠢᠨ ᠳᠦ ᠰᠢᠯᠵᠢᠭᠦᠯᠬᠦ ᠵᠡᠷᠭᠡ ᠠᠵᠢᠯ ᠢ ᠭᠣᠣᠯ ᠵᠣᠷᠢᠯᠲᠠ ᠪᠠᠨ ᠪᠣᠯᠭᠠᠭᠰᠠᠨ ᠬᠡᠮᠡᠯ᠎ᠡ᠃  ᠲᠡᠭᠡᠭᠡᠳ ᠰᠠᠨᠠᠯ ᠬᠤᠷᠢᠶᠠᠯᠲᠠ ᠶᠠᠪᠤᠭᠤᠯᠬᠤ ᠳᠤ ᠬᠤᠷᠠᠯᠳᠤᠭᠠᠨ ᠳᠤ ᠣᠷᠣᠯᠴᠠᠭᠰᠠᠨ ᠭᠡᠰᠢᠭᠦᠳ ᠦᠨ 77.4 ᠬᠤᠪᠢ ᠲᠥᠰᠥᠯ ᠦᠳ ᠢ ᠬᠡᠯᠡᠯᠴᠡᠬᠦ ᠶᠢ ᠳᠡᠮᠵᠢᠵᠦ᠂ ᠠᠩᠬᠠᠨ ᠤ ᠬᠡᠯᠡᠯᠴᠡᠭᠦᠯᠭᠡ ᠳᠦ ᠪᠡᠯᠡᠳᠬᠡᠭᠦᠯᠬᠦ ᠪᠡᠷ ᠲᠥᠰᠥᠪ ᠦᠨ ᠪᠠᠶᠢᠩᠭᠤ ᠶᠢᠨ ᠬᠣᠷᠢᠶᠠᠨ ᠳᠤ ᠰᠢᠯᠵᠢᠭᠦᠯᠦᠭᠰᠡᠨ ᠢᠶᠡᠷ ᠴᠢᠭᠤᠯᠭᠠᠨ ᠤ ᠦᠳᠡ ᠡᠴᠡ ᠡᠮᠦᠨᠡᠬᠢ ᠬᠤᠷᠠᠯᠳᠤᠭᠠᠨ ᠥᠨᠳᠥᠷᠯᠡᠯ᠎ᠡ᠃

ᠰᠡᠳᠬᠢᠭᠳᠡᠯ ᠦᠯᠡᠳᠡᠭᠡᠬᠦ