《 》 ᠶᠢᠨ ᠵᠠᠬᠢᠷᠤᠯ ᠪ∙ᠭᠠᠩᠲᠤᠯᠭ᠎ᠠ ᠠᠵᠢᠯ ᠢᠶᠠᠨ ᠥᠭᠴᠡᠢ | News.MN

《 》 ᠶᠢᠨ ᠵᠠᠬᠢᠷᠤᠯ ᠪ∙ᠭᠠᠩᠲᠤᠯᠭ᠎ᠠ ᠠᠵᠢᠯ ᠢᠶᠠᠨ ᠥᠭᠴᠡᠢ

ᠮᠣᠩᠭᠣᠯ ᠤᠨ ᠬᠥᠷᠥᠩᠭᠡ ᠶᠢᠨ ᠪᠢᠷᠵᠢ ᠶᠢᠨ ᠨᠢᠭᠡᠳᠦᠭᠡᠷ ᠠᠩᠭᠢᠯᠠᠯ ᠳᠤ ᠪᠦᠷᠢᠳᠬᠡᠯ ᠲᠡᠢ  ︽ ︾  ᠺᠤᠮᠫᠠᠨᠢ ᠶᠢᠨ ᠭᠦᠢᠴᠡᠳᠭᠡᠬᠦ ᠵᠠᠬᠢᠷᠤᠯ ᠪ∙ᠭᠠᠩᠲᠤᠯᠭ᠎ᠠ ᠶᠢᠨ ᠭᠡᠷ᠎ᠡ ᠶᠢᠨ ᠬᠤᠭᠤᠴᠠᠭ᠎ᠠ ᠳᠠᠭᠤᠰᠬᠠᠪᠤᠷᠢ ᠪᠣᠯᠤᠭᠰᠠᠨ ᠲᠤᠯᠠ ᠲᠤᠰ ᠺᠣᠮᠫᠠᠨᠢ ᠶᠢᠨ ᠲᠥᠯᠥᠭᠡᠯᠡᠨ ᠤᠳᠤᠷᠢᠳᠬᠤ ᠵᠥᠪᠯᠡᠯ ᠦᠨ 2018 ᠣᠨ ᠤ ᠠᠷᠪᠠᠳᠤᠭᠠᠷ ᠰᠠᠷ᠎ᠠ ᠶᠢᠨ 05 ᠍ ᠤ ᠡᠳᠦᠷ ᠦᠨ ᠲᠣᠭᠲᠠᠭᠠᠯ ᠢᠶᠠᠷ ᠲᠡᠭᠦᠨ ᠢ ᠡᠭᠦᠷᠭᠡᠲᠦ ᠠᠵᠢᠯ ᠠᠴᠠ ᠨᠢ ᠴᠢᠯᠦᠭᠡᠯᠡᠵᠦ᠂ ᠲᠡᠷᠢᠭᠦᠨ ᠳᠡᠳ᠋ ᠵᠠᠬᠢᠷᠤᠯ ᠤᠨ ᠡᠭᠦᠷᠭᠡ ᠶᠢ ᠭᠦᠢᠴᠡᠳᠭᠡᠵᠦ ᠪᠠᠶᠢᠭᠰᠠᠨ ᠮ∙ᠮᠠᠨᠳᠤᠬᠠᠢ ᠶᠢ ᠭᠦᠢᠴᠡᠳᠭᠡᠬᠦ ᠵᠠᠬᠢᠷᠤᠯ ᠢᠶᠠᠷ ᠲᠣᠮᠢᠯᠠᠭᠰᠠᠨ ᠲᠤᠬᠠᠢ ᠮᠣᠩᠭᠣᠯ ᠤᠨ ᠬᠥᠷᠥᠩᠭᠡ ᠶᠢᠨ ᠪᠢᠷᠵᠢ ᠮᠡᠳᠡᠭᠡᠯᠡᠵᠡᠢ᠃
ᠪ∙ᠭᠠᠩᠲᠤᠯᠭ᠎ᠠ ᠶᠢ ᠮᠣᠩᠭᠣᠯ ᠤᠨ ᠴᠢᠳᠠᠪᠤᠷᠢᠯᠢᠭ ᠮᠧᠨᠧᠵᠧᠷ᠂ ᠭᠦᠢᠴᠡᠳᠭᠡᠬᠦ ᠵᠠᠬᠢᠷᠤᠯ ᠤᠳ ᠤᠨ ᠨᠢᠭᠡ ᠳᠦ ᠲᠣᠭᠠᠴᠠᠳᠠᠭ ᠪᠥᠭᠡᠳ ᠲᠡᠷᠡ ᠥᠩᠭᠡᠷᠡᠭᠰᠡᠨ ᠲᠠᠪᠤᠨ ᠵᠢᠯ ᠦᠨ ᠬᠤᠭᠤᠴᠠᠭᠠᠨ ᠳᠤ ︽  》  ᠪᠣᠷᠣᠯᠠᠭᠤᠯᠤᠯᠲᠠ᠂ ᠦᠨᠡᠯᠡᠭᠡ ᠶᠢ ᠭᠤᠷᠪᠠ ᠳᠠᠬᠢᠨ ᠨᠡᠮᠡᠭᠳᠡᠭᠦᠯᠬᠦ ᠳᠦ ᠴᠢᠬᠤᠯᠠ ᠬᠤᠪᠢ ᠨᠡᠮᠡᠷᠢ ᠣᠷᠣᠭᠤᠯᠤᠭᠰᠠᠨ ᠭᠡᠵᠦ  ᠦᠨ ᠬᠢᠨ ᠦᠵᠡᠳᠡᠭ ᠪᠠᠶᠢᠨ᠎ᠠ᠃ 2018 ᠣᠨ ᠤ ᠡᠬᠢᠨ ᠦ ᠬᠠᠭᠠᠰ ᠵᠢᠯ ᠳᠦ ᠲᠤᠰ ᠺᠣᠮᠫᠠᠨᠢ ᠶᠢᠨ ᠴᠡᠪᠡᠷ ᠪᠣᠷᠣᠯᠠᠭᠤᠯᠤᠯᠲᠠ ᠶᠢᠨ ᠣᠷᠣᠯᠭ᠎ᠠ ᠡᠮᠦᠨᠡᠬᠢ ᠣᠨ ᠤ ᠮᠥᠨ ᠦᠶ᠎ᠡ ᠲᠡᠢ ᠬᠠᠷᠢᠴᠠᠭᠤᠯᠬᠤ ᠳᠤ 45   ᠂ 35 ᠲᠡᠷᠪᠤᠮ ᠲᠥᠭᠥᠷᠢᠭ ᠲᠦ᠂ ᠴᠡᠪᠡᠷ ᠠᠰᠢᠭ ᠤᠨ ᠬᠡᠮᠵᠢᠶ᠎ᠡ 8.3 ᠬᠤᠪᠢ ᠪᠠᠷ ᠦᠰᠴᠦ 2.2 ᠲᠡᠷᠪᠤᠮ ᠲᠥᠭᠥᠷᠢᠭ ᠲᠦ ᠬᠦᠷᠦᠭᠰᠡᠨ ᠦᠵᠡᠭᠦᠯᠦᠯᠲᠡ ᠲᠡᠢ ᠭᠠᠷᠴᠠᠢ᠃

ᠰᠡᠳᠬᠢᠭᠳᠡᠯ ᠦᠯᠡᠳᠡᠭᠡᠬᠦ