《ᠠᠽᠢᠶ᠎ᠠ ᠶᠢᠨ ᠴᠣᠮᠣ 》 ᠳᠤ 9 ᠣᠷᠣᠨ ᠤ ᠲᠠᠮᠢᠷᠴᠢᠨ ᠥᠷᠢᠰᠦᠯᠳᠦᠨ᠎ᠡ | News.MN

《ᠠᠽᠢᠶ᠎ᠠ ᠶᠢᠨ ᠴᠣᠮᠣ 》 ᠳᠤ 9 ᠣᠷᠣᠨ ᠤ ᠲᠠᠮᠢᠷᠴᠢᠨ ᠥᠷᠢᠰᠦᠯᠳᠦᠨ᠎ᠡ

ᠮᠣᠩᠭᠣᠯ ᠳᠤ ᠠᠩᠬ᠎ᠠ ᠤᠳᠠᠭ᠎ᠠ ᠡᠨᠡ ᠰᠠᠷ᠎ᠠ ᠶᠢᠨ 26-28 ᠍ ᠳᠦ ᠪᠣᠯᠬᠤ ᠤᠷᠠᠨ ᠰᠠᠶᠢᠬᠠᠨ ᠤ ᠭᠢᠮᠨᠡᠰᠲ᠋ᠢᠺ ᠦᠨ ︽ᠠᠽᠢᠶ᠎ᠠ ᠲᠢᠪ ᠦᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ》 ᠍ ᠳᠦ 9 ᠣᠷᠣᠨ ᠤ 80 ᠭᠠᠷᠤᠢ ᠲᠠᠮᠢᠷᠴᠢᠨ ᠣᠷᠣᠯᠴᠠᠨ᠎ᠠ᠃ ᠮᠣᠩᠭᠣᠯ ᠤᠨ ᠭᠢᠮᠨᠡᠰᠲ᠋ᠢᠺ ᠦᠨ ᠬᠣᠯᠪᠣᠭᠠᠨ ᠤ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠭ∙ᠢᠷᠦᠭᠡᠯᠪᠠᠲᠤ ᠄ ᠮᠠᠨ ᠤ ᠭᠢᠮᠨᠡᠰᠲ᠋ᠢᠺ ᠦᠨ ᠬᠣᠯᠪᠣᠭ᠎ᠠ  ᠪᠠᠶᠢᠭᠤᠯᠤᠭᠳᠠᠭᠰᠠᠨ ᠠᠴᠠ ᠬᠣᠶᠢᠰᠢ ᠡᠬᠡ ᠨᠤᠲᠤᠭ ᠲᠤ ᠪᠠᠨ ︽ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ 》 ᠢ 2017 ᠣᠨ ᠳᠤ ᠠᠶᠢᠷᠣᠪᠢᠺ ᠭᠢᠮᠨᠡᠰᠲ᠋ᠢᠺ ᠦᠨ ᠲᠥᠷᠥᠯ ᠢᠶᠡᠷ ᠵᠣᠬᠢᠶᠠᠨ ᠪᠠᠶᠢᠭᠤᠯᠤᠭᠰᠠᠨ᠃ ᠬᠠᠷᠢᠨ ᠣᠳᠣ ᠤᠷᠠᠨ ᠰᠠᠶᠢᠬᠠᠨ ᠤ ᠭᠢᠮᠨᠡᠰᠲ᠋ᠢᠺ ᠦᠨ ︽ᠠᠽᠢᠶ᠎ᠠ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ》 ᠍ ᠢ ᠠᠩᠬ᠎ᠠ ᠤᠳᠠᠭ᠎ᠠ ᠵᠣᠬᠢᠶᠠᠨ ᠪᠠᠶᠢᠭᠤᠯᠬᠤ ᠪᠠᠷ ᠪᠡᠯᠡᠳᠬᠡᠯ ᠠᠵᠢᠯ ᠢᠶᠠᠨ ᠬᠠᠩᠭᠠᠯ᠎ᠠ᠃
ᠮᠠᠨᠠᠢ ᠲᠠᠮᠢᠷᠴᠢᠳ ᠡᠨᠡ ᠣᠨ ᠤ 4  ᠳ᠋ᠤᠭᠡᠷ ᠰᠠᠷ᠎ᠠ ᠳᠤ ᠮᠠᠯᠠᠶᠢᠰᠢᠶ᠎ᠠ ᠤᠯᠤᠰ ᠲᠤ ᠪᠣᠯᠤᠭᠰᠠᠨ ᠣᠯᠠᠨ ᠤᠯᠤᠰ ᠤᠨ ᠲᠡᠮᠡᠴᠡᠭᠡᠨ ᠳᠦ ᠠᠮᠵᠢᠯᠲᠠᠲᠠᠢ ᠣᠷᠣᠯᠴᠠᠭᠰᠠᠨ ᠲᠤᠷᠰᠢᠯᠭ᠎ᠠ ᠲᠠᠢ ᠤᠴᠢᠷ ᠲᠦᠷᠦᠭᠦᠯᠡᠬᠦ ᠨᠠᠶᠢᠳᠠᠯᠭ᠎ᠠ ᠲᠠᠯᠪᠢᠵᠤ ᠪᠠᠶᠢᠨ᠎ᠠ᠃ ᠮᠥᠨ ᠡᠨᠡ ᠤᠳᠠᠭ᠎ᠠ ᠶᠢᠨ ᠲᠡᠮᠡᠴᠡᠭᠡᠨ ᠢ ᠠᠩᠬ᠎ᠠ ᠤᠳᠠᠭ᠎ᠠ ᠰᠢᠭᠦᠯᠲᠡ ᠶᠢᠨ ᠡᠯᠧᠺᠲ᠋ᠷᠣᠨ ᠰᠢᠰᠲ᠋ᠧᠮ ᠢ ᠠᠰᠢᠭᠯᠠᠨ᠎ᠠ᠃ ᠤᠷᠠᠨ ᠭᠢᠮᠨᠡᠰᠲ᠋ᠢᠺ ᠦᠨ ᠠᠽᠢᠶ᠎ᠠ ᠶᠢᠨ ᠴᠣᠮᠣ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠡᠬᠡ ᠣᠷᠣᠨ ᠳᠤ ᠪᠠᠨ ᠵᠣᠬᠢᠶᠠᠨ ᠪᠠᠶᠢᠭᠤᠯᠵᠤ ᠪᠤᠢ ᠶᠢ ᠠᠽᠢᠶ᠎ᠠ ᠶᠢᠨ ᠭᠢᠮᠨᠡᠰᠲ᠋ᠢᠺ ᠦᠨ ᠬᠣᠯᠪᠣᠭ᠎ᠠ ᠥᠨᠳᠥᠷ ᠢᠶᠡᠷ ᠦᠨᠡᠯᠡᠪᠡ᠃
ᠡᠨᠡᠬᠦ ᠲᠡᠮᠡᠴᠡᠭᠡᠨ ᠨᠢ ᠠᠽᠢᠶ᠎ᠠ ᠶᠢᠨ ᠲᠠᠮᠢᠷᠴᠢᠳ ᠤᠨ ᠬᠤᠪᠢ ᠳᠤ 2020 ᠣᠨ ᠳᠤ ᠪᠣᠯᠬᠤ 《 ᠲᠤᠤᠺᠢᠤ᠋ ᠍ ᠶᠢᠨ  ᠤᠯᠢᠮᠫᠢᠺ》 ᠤᠨ ᠲᠣᠮᠣ ᠰᠣᠷᠢᠯᠲᠠ ᠪᠣᠯᠬᠤ ᠠᠴᠢ ᠬᠣᠯᠪᠣᠭᠳᠠᠯ ᠲᠠᠢ ᠬᠡᠮᠡᠨ  ᠶᠠᠷᠢᠪᠠ ᠃

ᠰᠡᠳᠬᠢᠭᠳᠡᠯ ᠦᠯᠡᠳᠡᠭᠡᠬᠦ