ᠴᠡᠷᠢᠭ ᠰᠫᠣᠷᠲ ᠤᠨ ︽ ᠳᠦᠯᠦ ︾ ᠲᠡᠮᠡᠴᠡᠭᠡᠨ ᠪᠣᠯᠤᠯ᠎ᠠ | News.MN

ᠴᠡᠷᠢᠭ ᠰᠫᠣᠷᠲ ᠤᠨ ︽ ᠳᠦᠯᠦ ︾ ᠲᠡᠮᠡᠴᠡᠭᠡᠨ ᠪᠣᠯᠤᠯ᠎ᠠ

ᠮᠣᠩᠭᠣᠯ ᠲᠥᠷᠥ ᠶᠢᠨ ᠴᠡᠷᠢᠭ ᠦᠨ ᠨᠡᠷᠡᠲᠦ ᠵᠠᠩᠵᠤᠨ᠂ ᠲᠤᠰᠠᠭᠠᠷ ᠲᠣᠭᠲᠠᠨᠢᠯ ᠤᠨ ᠲᠥᠯᠥᠭᠡ ᠴᠣᠭᠲᠠᠢ ᠲᠡᠮᠡᠴᠡᠭᠴᠢ ᠠᠷᠠᠳ ᠤᠨ ᠬᠠᠲᠠᠨᠪᠠᠭᠠᠲᠤᠷ ᠰ ᠂ ᠮᠠᠭᠰᠤᠷᠵᠠᠪ ᠤᠨ ᠮᠡᠨᠳᠦᠯᠡᠭᠰᠡᠨ ᠦ 140 ᠵᠢᠯ ᠦᠨ ᠣᠢ ᠳᠤ ᠵᠣᠷᠢᠭᠤᠯᠤᠭᠰᠠᠨ ᠴᠡᠷᠢᠭ ᠰᠫᠣᠷᠲ ᠤᠨ ︽ ᠳᠦᠯᠦ ︾  ᠲᠡᠮᠡᠴᠡᠭᠡᠨ ᠪᠤᠯᠠᠭᠠᠨ ᠠᠶᠢᠮᠠᠭ ᠲᠤ ᠪᠣᠯᠵᠤ ᠪᠥᠷᠥᠭᠬᠠᠩᠭᠠᠢ ᠰᠤᠮᠤ ᠶᠢᠨ ᠰᠤᠷᠭᠠᠭᠤᠯᠢ ᠶᠢᠨ ᠰᠤᠷᠤᠭᠴᠢᠳ ᠤᠨ ᠪᠠᠭ ᠲᠡᠷᠢᠭᠦᠯᠡᠯ᠎ᠡ᠃ ᠲᠤᠰ ᠪᠠᠭ ᠪᠤᠶᠤ ᠲᠠᠰᠤᠭ ᠢ ᠪᠠᠭᠰᠢ ᠣ᠊ ᠂ ᠪᠠᠶᠠᠷᠰᠠᠶᠢᠬᠠᠨ ᠳᠠᠰᠬᠠᠯᠵᠢᠭᠤᠯᠤᠭᠰᠠᠨ ᠪᠠᠶᠢᠨ᠎ᠠ᠃
ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠶᠢᠨ ᠰᠤᠷᠤᠭᠴᠢᠳ ᠲᠤ ᠠᠷᠠᠳ ᠤᠨ ᠬᠠᠲᠠᠨᠪᠠᠭᠠᠲᠤᠷ ᠰ∙ᠮᠠᠭᠰᠤᠷᠵᠠᠪ ᠤᠨ ᠲᠡᠦᠬᠡᠨ ᠳᠦ ᠪᠠᠶᠢᠭᠤᠯᠤᠭᠰᠠᠨ ᠭᠠᠪᠢᠶ᠎ᠠ ᠵᠢᠳᠬᠦᠯ ᠢ ᠰᠤᠷᠲᠠᠯᠴᠢᠯᠠᠬᠤ᠂ ᠴᠡᠷᠢᠭ᠂ ᠡᠬᠡ ᠣᠷᠣᠨᠴᠢ ᠬᠦᠮᠦᠵᠢᠯ ᠣᠯᠭᠣᠬᠤ᠂ ᠪᠡᠶ᠎ᠡ ᠪᠢᠯᠳᠠᠷ ᠢ ᠥᠪ ᠲᠡᠭᠰᠢ ᠬᠥᠭᠵᠢᠭᠦᠯᠵᠦ᠂ ᠥᠰᠪᠦᠷᠢ ᠦᠶ᠎ᠡ ᠶᠢᠨ ᠬᠢᠨ ᠳᠦ ᠴᠡᠷᠢᠭ ᠦᠨ ᠠᠯᠪᠠ ᠬᠠᠭᠠᠬᠤ ᠰᠣᠨᠢᠷᠬᠠᠯ ᠢ ᠳᠡᠭᠡᠭᠰᠢᠯᠡᠭᠦᠯᠬᠦ ᠵᠣᠷᠢᠯᠭ᠎ᠠ ᠪᠠᠷ ᠴᠡᠷᠢᠭ ᠰᠫᠣᠷᠲ ᠤᠨ ᠲᠡᠮᠡᠴᠡᠭᠡᠨ ᠵᠣᠬᠢᠶᠠᠨ ᠪᠠᠶᠢᠭᠤᠯᠤᠯ᠎ᠠ᠃ ᠵᠢᠭᠰᠠᠭᠠᠯ ᠤᠨ ᠦᠵᠡᠭᠦᠯᠬᠦ ᠲᠣᠭᠯᠠᠯᠲᠠ᠂ ᠴᠡᠷᠢᠭ ᠦᠨ ᠪᠠᠶᠢᠷᠢ ᠵᠦᠢ᠂ ᠬᠥᠨᠥᠭᠡᠯ ᠦᠨ ᠭᠣᠯᠣᠮᠲᠠ ᠳᠤ ᠠᠵᠢᠯᠯᠠᠬᠤ᠂ ᠤᠰᠤᠨ ᠳᠤ ᠣᠰᠣᠯᠳᠠᠭᠴᠢ ᠶᠢ ᠠᠪᠤᠷᠠᠬᠤ᠂ ᠰᠠᠭᠠᠳ ᠲᠠᠢ ᠵᠤᠷᠪᠤᠰ ᠭᠠᠲᠤᠯᠬᠤ ᠵᠡᠷᠭᠡ ᠲᠡᠮᠡᠴᠡᠭᠡᠨ ᠢᠶᠡᠷ ᠥᠷᠢᠰᠦᠯᠳᠦᠭᠰᠡᠨ ᠶᠤᠮ᠃

ᠰᠡᠳᠬᠢᠭᠳᠡᠯ ᠦᠯᠡᠳᠡᠭᠡᠬᠦ