2012 ᠣᠨ ᠤ ᠲᠠᠪᠤᠳᠤᠭᠠᠷ ᠰᠠᠷ᠎ᠠ ᠳᠤ ᠮᠣᠩᠭᠣᠯ ᠤᠨ ᠭᠣᠪᠢ ᠠᠴᠠ ᠭᠠᠷᠤᠯ ᠲᠠᠢ ᠲᠠᠷᠪᠦᠽᠠᠸᠷ ᠪᠠᠲ᠋ᠠᠷ ᠬᠡᠮᠡᠬᠦ ᠦᠯᠦᠭ ᠭᠦᠷᠪᠡᠯ ᠦᠨ ᠶᠠᠰᠤ ᠶᠢ ᠨᠢᠦ᠋ ᠶᠤᠷᠺ ᠬᠤᠲᠠ ᠳᠤ ᠳᠠᠭᠤᠳᠠᠯᠭ᠎ᠠ ᠬᠤᠳᠠᠯᠳᠤᠭᠠᠨ ᠳᠤ ᠣᠷᠣᠭᠤᠯᠤᠭᠰᠠᠨ ᠴᠤ ᠮᠣᠩᠭᠣᠯ ᠤᠨ ᠵᠠᠰᠠᠭ ᠤᠨ ᠭᠠᠵᠠᠷ ᠤᠨ ᠬᠦᠰᠡᠯᠲᠡ ᠪᠡᠷ ᠬᠤᠳᠠᠯᠳᠤᠭ᠎ᠠ ᠶᠢ ᠵᠣᠭᠰᠣᠭᠠᠵᠤ ᠂ ᠭᠦᠷᠪᠡᠯ ᠦᠨ ᠶᠠᠰᠤ ᠶᠢ ᠮᠣᠩᠭᠣᠯ ᠤᠨ ᠳ᠋ᠢᠯᠧᠷ ᠡᠴᠡ ᠬᠤᠳᠠᠯᠳᠤᠵᠤ ᠠᠪᠤᠭᠰᠠᠨ ᠡᠷᠢᠺ ᠫᠷᠣᠺᠣᠫᠢ ᠭᠡᠭᠴᠢ ᠭᠡᠮᠲᠦ ᠬᠡᠷᠡᠭᠲᠡᠨ ᠪᠣᠯᠤᠭᠰᠠᠨ ᠶᠤᠮ᠃ ᠲᠡᠭᠡᠪᠡᠯ ᠡᠷᠢᠺ ᠫᠷᠣᠺᠣᠫᠢ ᠠᠩᠬ᠎ᠠ ᠬᠡᠷᠬᠢᠨ ᠦᠯᠦᠭ ᠭᠦᠷᠪᠡᠯ ᠦᠨ ᠶᠠᠰᠤ ᠶᠢ ᠰᠣᠨᠢᠷᠬᠠᠬᠤ ᠪᠣᠯᠤᠭᠰᠠᠨ ᠠᠴᠠ ᠡᠬᠢᠯᠡᠭᠡᠳ ᠭᠡᠮᠲᠦ ᠬᠡᠷᠡᠭᠲᠡᠨ ᠪᠣᠯᠬᠤ ᠬᠦᠷᠲᠡᠯ᠎ᠡ ᠪᠦᠬᠦ ᠦᠢᠯᠡ ᠶᠠᠪᠤᠳᠠᠯ ᠢ ᠨᠠᠷᠢᠪᠴᠢᠯᠠᠨ ᠳᠡᠯᠭᠡᠭᠰᠡᠨ The Dinosaur Artist᠄ Obsession᠂ Betrayal᠂ and the Quest for Earth’s Ultimate Trophy ᠨᠡᠷ᠎ᠡ ᠲᠡᠢ ᠨᠣᠮ ᠥᠩᠭᠡᠷᠡᠭᠰᠡᠨ ᠰᠠᠷ᠎ᠠ ᠳᠤ ᠬᠡᠪᠯᠡᠭᠳᠡᠵᠦ᠂ ᠬᠤᠳᠠᠯᠳᠤᠭᠠᠨ ᠳᠤ ᠭᠠᠷᠴᠠᠢ᠃ ᠣᠨ ᠳᠠᠷᠠᠭᠠᠯᠠᠯ ᠤᠨ ᠪᠢᠴᠢᠭ ᠬᠡᠯᠪᠡᠷᠢ ᠲᠡᠢ ᠪᠢᠴᠢᠭᠳᠡᠭᠰᠡᠨ ᠨᠣᠮ ᠤᠨ ᠵᠣᠬᠢᠶᠠᠯᠴᠢ ᠨᠢ The New Yorker ᠰᠡᠳᠬᠦᠯ ᠦᠨ ᠰᠡᠳᠬᠦᠯᠴᠢ ᠫᠡᠢᠵ ᠸᠸᠯᠢᠶᠠᠮᠰ ᠶᠤᠮ᠃ ᠲᠡᠷᠡ ᠪᠡᠷ ᠠᠩᠬ᠎ᠠ 2013 ᠣᠨ ᠳᠤ ᠡᠨᠡ ᠲᠠᠯ᠎ᠠ ᠪᠠᠷ ᠨᠡᠶᠢᠲᠡᠯᠡᠯ ᠪᠢᠴᠢᠵᠦ ᠪᠠᠶᠢᠵᠠᠢ ᠃ ᠨᠤᠮ ᠳᠤ ᠦᠯᠦᠭ ᠭᠦᠷᠪᠡᠯ ᠦᠨ ᠶᠠᠰᠤ ᠶᠢ ᠬᠠᠤᠯᠢ ᠪᠤᠰᠤ ᠪᠠᠷ ᠭᠠᠷᠭᠠᠬᠤ ᠳᠤ ᠮᠣᠩᠭᠣᠯ ᠤᠨ ᠤᠯᠤᠰ ᠲᠥᠷᠥ ᠶᠢᠨ ᠣᠷᠴᠢᠨ ᠶᠠᠮᠠᠷ ᠪᠠᠶᠢᠳᠠᠯ ᠲᠠᠢ ᠪᠠᠶᠢᠭᠰᠠᠨ ᠢ ᠳᠡᠯᠭᠡᠷᠡᠩᠭᠦᠢ ᠪᠢᠴᠢᠭᠰᠡᠨ ᠨᠢ ᠰᠣᠨᠢᠷᠬᠠᠯ ᠲᠠᠲᠠᠵᠤ ᠪᠠᠶᠢᠨ᠎ᠠ᠃
ᠡᠬᠢ ᠰᠤᠷᠪᠤᠯᠵᠢ᠄ The Verge
asdasd 2018-10-17 103.10.22.18
sadasd