79 ᠬᠡᠦᠬᠡᠳ ᠬᠦᠴᠦᠨᠳᠡᠬᠦ ᠭᠡᠮᠲᠦ ᠬᠡᠷᠡᠭ ᠦᠨ ᠬᠣᠬᠢᠷᠠᠭᠴᠢ ᠪᠣᠯᠵᠠᠢ | News.MN

79 ᠬᠡᠦᠬᠡᠳ ᠬᠦᠴᠦᠨᠳᠡᠬᠦ ᠭᠡᠮᠲᠦ ᠬᠡᠷᠡᠭ ᠦᠨ ᠬᠣᠬᠢᠷᠠᠭᠴᠢ ᠪᠣᠯᠵᠠᠢ

ᠪᠠᠭ᠎ᠠ ᠨᠠᠰᠤᠨ ᠤ ᠬᠡᠦᠬᠡᠳ ᠬᠦᠴᠦᠷᠬᠡᠶᠢᠯᠡᠯ ᠳᠦ ᠥᠷᠲᠥᠵᠦ ᠪᠠᠶᠢᠭ᠎ᠠ ᠲᠠᠯ᠎ᠠ ᠪᠠᠷ ᠴᠠᠭᠳᠠᠭ᠎ᠠ ᠶᠢᠨ ᠪᠠᠶᠢᠭᠤᠯᠤᠯᠭ᠎ᠠ ᠠᠴᠠ ᠮᠡᠳᠡᠭᠡᠯᠡᠯ ᠥᠭᠭᠦᠯ᠎ᠡ᠃ ᠴᠠᠭᠳᠠᠭ᠎ᠠ ᠶᠢᠨ ᠶᠡᠷᠦᠩᠬᠡᠢ ᠭᠠᠵᠠᠷ ᠤᠨ ᠤᠷᠢᠳᠴᠢᠯᠠᠨ ᠰᠡᠷᠭᠡᠶᠢᠯᠡᠬᠦ ᠠᠯᠪᠠᠨ ᠤ ᠠᠬᠠᠯᠠᠬᠤ ᠮᠡᠷᠭᠡᠵᠢᠯᠲᠡᠨ ᠭ∙ᠵᠣᠯᠵᠢᠷᠭᠠᠯ ᠄ 2018 ᠣᠨ ᠤ ᠡᠬᠢᠨ ᠦ 9 ᠰᠠᠷ᠎ᠠ ᠶᠢᠨ ᠪᠠᠶᠢᠳᠠᠯ ᠢᠶᠠᠷ 13 ᠬᠦᠷᠲᠡᠯᠡᠬᠢ ᠨᠠᠰᠤᠨ ᠤ 79 ᠬᠡᠦᠬᠡᠳ  ᠬᠦᠴᠦᠨ ᠦ ᠬᠡᠷᠡᠭ ᠦᠨ ᠬᠣᠬᠢᠷᠠᠭᠴᠢ ᠪᠣᠯᠤᠭᠠᠳ ᠪᠠᠶᠢᠨ᠎ᠠ᠃ ᠬᠦᠴᠦᠨ ᠦ ᠭᠡᠮᠲᠦ ᠬᠡᠷᠡᠭ ᠦᠢᠯᠡᠳᠦᠭᠰᠡᠨ ᠬᠦᠮᠦᠰ ᠦᠨ 54 ᠣᠷᠴᠢᠮ ᠬᠤᠪᠢ ᠨᠢ ᠠᠷᠢᠬᠢᠨ ᠤ ᠬᠠᠮᠢᠶᠠᠷᠤᠯ ᠲᠠᠢ᠂ ᠡᠷᠬᠢᠯᠡᠭᠰᠡᠨ ᠲᠣᠳᠣᠷᠬᠠᠢ ᠠᠵᠢᠯ ᠦᠭᠡᠢ ᠡᠲᠡᠭᠡᠳ ᠦᠳ ᠪᠠᠶᠢᠨ᠎ᠠ᠃ ᠡᠭᠦᠨ ᠡᠴᠡ 59 ᠬᠣᠯᠪᠣᠭᠳᠠᠭᠴᠢ ᠣᠶᠢᠷ᠎ᠠ ᠳᠤᠲᠤᠨᠤ ᠶᠢᠨ ᠪᠣᠯᠤᠨ ᠲᠠᠨᠢᠯ ᠬᠦᠮᠦᠰ ᠬᠦᠴᠦᠨ ᠦ ᠭᠡᠮᠲᠦ ᠬᠡᠷᠡᠭ ᠦᠨ  ᠬᠤᠯᠪᠤᠭᠳᠠᠭᠴᠢ ᠪᠣᠯᠤᠭᠰᠠᠨ᠃ ᠵᠠᠳᠠᠯᠤᠭᠠᠳ ᠦᠵᠡᠪᠡᠯ ᠦᠯᠦ ᠲᠠᠨᠢᠬᠤ ᠬᠦᠮᠦᠨ 8᠂ ᠡᠴᠢᠭᠡ ᠡᠬᠡ ᠶᠢᠨ ᠨᠠᠶᠢᠵᠠ 1᠂ ᠲᠦᠷᠦᠭᠰᠡᠨ ᠡᠴᠢᠭᠡ 3᠂  ᠬᠤᠶᠢᠳᠤ ᠡᠴᠢᠭᠡ 9᠂ ᠬᠦᠷᠭᠡᠨ ᠠᠬ᠎ᠠ 2᠂ ᠲᠦᠷᠦᠭᠰᠡᠨ ᠠᠬ᠎ᠠ 2᠂ ᠠᠪᠠᠭ᠎ᠠ ᠠᠬ᠎ᠠ 2᠂ ᠨᠠᠭᠠᠴᠤ ᠠᠬ᠎ᠠ 4᠂ ᠡᠪᠦᠭᠡ 2᠂ ᠵᠢᠰᠦ ᠲᠠᠨᠢᠬᠤ ᠬᠦᠮᠦᠨ 26 ᠭᠡᠳ ᠶᠡᠬᠡᠪᠴᠢᠯᠡᠨ ᠤᠷᠤᠭ ᠲᠥᠷᠥᠯ ᠦᠨ ᠪᠤᠶᠤ ᠭᠡᠷ ᠪᠦᠯᠢ ᠶᠢᠨ ᠬᠠᠮᠢᠶᠠᠷᠤᠯ ᠪᠦᠬᠦᠢ ᠡᠲᠡᠭᠡᠳ ᠦᠳ ᠡᠨᠡ ᠲᠥᠷᠥᠯ ᠦᠨ ᠭᠡᠮᠲᠦ ᠬᠡᠷᠡᠭ ᠢ ᠦᠢᠯᠡᠳᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ