ᠼᠸᠮᠸᠨᠲ ᠢᠶᠡᠨ ᠭᠠᠳᠠᠭᠠᠳᠤ ᠳᠤ ᠭᠠᠷᠭᠠᠬᠤ ᠨᠢ ᠴᠢᠬᠤᠯᠠ ᠭᠡᠪᠡ | News.MN

ᠼᠸᠮᠸᠨᠲ ᠢᠶᠡᠨ ᠭᠠᠳᠠᠭᠠᠳᠤ ᠳᠤ ᠭᠠᠷᠭᠠᠬᠤ ᠨᠢ ᠴᠢᠬᠤᠯᠠ ᠭᠡᠪᠡ

ᠶᠡᠷᠦᠩᠬᠡᠢ ᠰᠠᠶᠢᠳ ᠤ᠊∙ᠬᠦᠷᠡᠯᠰᠦ᠋ᠬᠡ ᠥᠨᠥᠳᠥᠷ ᠦᠳᠡ ᠡᠴᠡ ᠡᠮᠦᠨ᠎ᠡ ᠳᠣᠷᠣᠨᠠᠭᠣᠪᠢ ᠠᠶᠢᠮᠠᠭ ᠤᠨ ᠥᠷᠭᠡᠨ ᠰᠤᠮᠤᠨ ᠳᠤ ᠠᠵᠢᠯᠯᠠᠯ᠎ᠠ᠃ ᠲᠤᠰ ᠰᠤᠮᠤᠨ ᠳᠤ ᠬᠣᠨᠣᠭ ᠲᠤ 1750 ᠲᠣᠨ ᠪᠤᠶᠤ ᠵᠢᠯ ᠳᠦ ᠨᠢᠭᠡ ᠰᠠᠶ᠎ᠠ ᠲᠣᠨ ᠼᠧᠮᠧᠨᠲ᠂ ᠼᠧᠮᠧᠨᠲ ᠦᠨ ᠴᠢᠯᠠᠭᠤᠨᠴᠢᠷ ᠦᠢᠯᠡᠳᠪᠦᠷᠢᠯᠡᠬᠦ ᠬᠦᠴᠦᠨ ᠴᠢᠳᠠᠯ ᠲᠠᠢ᠂ ᠡᠺᠣ ᠲᠧᠭᠨᠣᠯᠣᠭᠢ ᠨᠤᠭᠤᠳ ᠢ ᠨᠡᠪᠲᠡᠷᠡᠭᠦᠯᠦᠭᠰᠡᠨ ᠬᠠᠭᠤᠷᠠᠢ ᠠᠷᠭ᠎ᠠ ᠶᠢᠨ ᠼᠧᠮᠧᠨᠲ ᠦᠨ ᠦᠢᠯᠡᠳᠪᠦᠷᠢ ᠶᠢ ᠮᠣᠨᠼᠧᠮᠧᠨᠲ ᠺᠤᠮᠫᠠᠨᠢ 2015 ᠣᠨ ᠳᠤ ᠠᠰᠢᠭᠯᠠᠯᠲᠠ ᠳᠤ ᠣᠷᠣᠭᠤᠯᠵᠠᠢ᠃ ᠦᠢᠯᠡᠳᠪᠦᠷᠢ ᠶᠢᠨ ᠦᠢᠯᠡ ᠠᠵᠢᠯᠯᠠᠭ᠎ᠠ ᠲᠠᠢ ᠲᠠᠨᠢᠯᠴᠠᠭᠰᠠᠨ ᠶᠡᠷᠦᠩᠬᠡᠢ ᠰᠠᠶᠢᠳ ᠪᠠᠶᠢᠭᠠᠯᠢ ᠳᠤ ᠡᠭᠡᠯᠢ ᠲᠡᠢ᠂ ᠰᠥᠷᠭᠦ ᠨᠥᠯᠥᠭᠡ ᠪᠠᠭ᠎ᠠ ᠲᠠᠢ ᠲᠧᠭᠨᠣᠯᠣᠭᠢ ᠠᠰᠢᠭᠯᠠᠵᠤ᠂ ᠴᠡᠪᠡᠷ ᠤᠰᠤ᠂ ᠡᠷᠴᠢᠮ ᠬᠦᠴᠦ ᠪᠡᠨ ᠬᠡᠮᠨᠡᠵᠦ ᠪᠠᠶᠢᠭ᠎ᠠ ᠶᠢ ᠰᠠᠶᠢᠰᠢᠶᠠᠵᠤ ᠪᠠᠶᠢᠯ᠎ᠠ᠃
ᠮᠣᠨᠼᠧᠮᠧᠨᠲ ᠦᠢᠯᠡᠳᠪᠦᠷᠢ ᠶᠢᠨ ᠤᠰᠤᠨ ᠤ ᠬᠡᠷᠡᠭᠯᠡᠭᠡ ᠨᠣᠶᠢᠲᠠᠨ ᠠᠷᠭ᠎ᠠ ᠶᠢᠨ  ᠲᠸ᠋ᠭᠨᠥᠯᠥᠭᠢ ᠠᠴᠠ ᠲᠠᠪᠤ ᠳᠠᠬᠢᠨ᠂ ᠡᠷᠴᠢᠮ ᠬᠦᠴᠦᠨ ᠦ ᠵᠠᠷᠤᠴᠠᠭᠤᠯᠤᠯᠲᠠ 30 ᠬᠤᠪᠢ ᠪᠠᠭ᠎ᠠ᠃ ᠡᠨᠡ ᠬᠢᠷᠢ ᠪᠡᠷ ᠲᠦᠯᠡᠰᠢ ᠵᠠᠷᠤᠴᠠᠭᠤᠯᠤᠯᠲᠠ ᠬᠣᠶᠠᠷ ᠳᠠᠬᠢᠨ ᠪᠠᠭ᠎ᠠ ᠪᠠᠶᠢᠬᠤ ᠪᠥᠭᠡᠳ ᠦᠢᠯᠡᠳᠪᠦᠷᠢ ᠪᠣᠯᠤᠨ ᠠᠬᠤᠢ ᠶᠢᠨ ᠬᠠᠶᠠᠭᠳᠠᠯ ᠤᠰᠤᠨ ᠤ 90 ᠬᠤᠪᠢ  ᠶᠢ ᠳᠠᠬᠢᠨ ᠴᠡᠪᠡᠷᠰᠢᠭᠦᠯᠵᠦ ᠲᠣᠨᠣᠭ ᠲᠥᠬᠥᠭᠡᠷᠦᠮᠵᠢ ᠶᠢᠨ ᠬᠥᠷᠥᠭᠡᠯᠲᠡ᠂ ᠵᠠᠮ ᠲᠠᠯᠠᠪᠠᠢ ᠪᠣᠯᠤᠨ ᠨᠣᠭᠣᠭᠠᠨ ᠪᠠᠶᠢᠭᠤᠯᠤᠮᠵᠢ ᠶᠢᠨ ᠤᠰᠤᠯᠠᠭᠠᠨ ᠳᠤ ᠪᠠᠨ ᠠᠰᠢᠭᠯᠠᠳᠠᠭ ᠪᠠᠶᠢᠨ᠎ᠠ᠃ ᠦᠢᠯᠡᠳᠪᠦᠷᠢ ᠠᠰᠢᠭᠯᠠᠯᠲᠠ ᠳᠤ ᠣᠷᠣᠭᠰᠠᠨ ᠢᠶᠠᠷ ᠣᠷᠣᠨ ᠨᠤᠲᠤᠭ ᠲᠤ 500 ᠭᠠᠷᠤᠢ ᠬᠦᠮᠦᠨ ᠠᠵᠢᠯ ᠲᠠᠢ ᠪᠣᠯᠵᠠᠢ᠃ ᠳᠣᠷᠣᠨᠠᠭᠣᠪᠢ ᠠᠶᠢᠮᠠᠭ ᠤᠨ ᠲᠥᠪ ᠰᠠᠶᠢᠨᠱᠠᠩᠳᠠ ᠪᠣᠯᠤᠨ ᠥᠷᠭᠡᠨ ᠵᠡᠷᠭᠡ ᠰᠤᠮᠤ ᠶᠢᠨ ᠵᠠᠯᠠᠭᠤᠴᠤᠳ ᠢ ᠳᠠᠳᠤᠯᠭᠠᠵᠢᠭᠤᠯᠤᠨ ᠰᠤᠷᠭᠠᠵᠤ ᠠᠵᠢᠯᠯᠠᠭᠤᠯᠳᠠᠭ ᠃
ᠮᠠᠨ ᠤ ᠦᠢᠯᠡᠳᠪᠦᠷᠢ ᠨᠦᠭᠦᠳ ᠪᠦᠲᠦᠭᠡᠭᠳᠡᠬᠦᠨ ᠢᠶᠡᠨ ᠡᠺᠰᠫᠣᠷᠲᠯᠠᠵᠤ᠂ ᠭᠠᠳᠠᠭᠠᠳᠤ ᠵᠠᠬ᠎ᠠ ᠵᠡᠭᠡᠯᠢ ᠳᠦ ᠭᠠᠷᠭᠠᠬᠤ ᠪᠣᠯᠤᠮᠵᠢ ᠶᠢ ᠰᠤᠳᠤᠯᠵᠤ᠂ ᠡᠷᠢᠯᠬᠢᠯᠡᠬᠦ ᠨᠢ ᠴᠢᠬᠤᠯᠠ ᠪᠠᠶᠢᠨ᠎ᠠ ᠭᠡᠳᠡᠭ ᠢ ᠶᠡᠷᠦᠩᠬᠡᠢ ᠰᠠᠶᠢᠳ ᠬᠡᠯᠡᠵᠦ ᠪᠠᠶᠢᠯ᠎ᠠ ᠭᠡᠵᠦ ᠵᠠᠰᠠᠭ ᠤᠨ ᠭᠠᠵᠠᠷ ᠤᠨ ᠬᠡᠪᠯᠡᠯ ᠮᠡᠳᠡᠭᠡᠯᠡᠯ ᠣᠯᠠᠨ ᠨᠡᠶᠢᠲᠡ ᠲᠡᠢ ᠬᠠᠷᠢᠯᠴᠠᠬᠤ ᠬᠡᠯᠲᠡᠰ ᠡᠴᠡ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ