ᠳ∙ᠴᠣᠭᠲᠤᠪᠠᠭᠠᠲᠤᠷ ᠪᠷᠢᠲ᠋ᠠᠨ ᠳᠤ ᠠᠶᠢᠯᠴᠢᠯᠠᠪᠠ | News.MN

ᠳ∙ᠴᠣᠭᠲᠤᠪᠠᠭᠠᠲᠤᠷ ᠪᠷᠢᠲ᠋ᠠᠨ ᠳᠤ ᠠᠶᠢᠯᠴᠢᠯᠠᠪᠠ

ᠭᠠᠳᠠᠭᠠᠳᠤ ᠬᠠᠷᠢᠯᠴᠠᠭᠠᠨ ᠤ ᠰᠠᠶᠢᠳ ᠳ∙ᠴᠣᠭᠲᠤᠪᠠᠭᠠᠲᠤᠷ ᠪᠷᠢᠲ᠋ᠠᠨ ᠤ ᠫᠠᠷᠯᠠᠮᠧᠨᠲ ᠤᠨ ᠨᠡᠶᠢᠲᠡ ᠶᠢᠨ ᠲᠠᠩᠬᠢᠮ ᠤᠨ ᠭᠡᠰᠢᠭᠦᠨ᠂ ᠪᠷᠢᠲ᠋ᠠᠨ ᠤ ᠣᠯᠠᠨ ᠤᠯᠤᠰ ᠤᠨ ᠬᠤᠳᠠᠯᠳᠤᠭᠠᠨ ᠤ ᠶᠠᠮᠤᠨ ᠤ ᠬᠥᠷᠥᠩᠭᠡ ᠣᠷᠣᠭᠤᠯᠤᠯᠲᠠ ᠶᠢᠨ ᠠᠰᠠᠭᠤᠳᠠᠯ ᠡᠷᠬᠢᠯᠡᠭᠰᠡᠨ ᠲᠥᠷᠥ ᠶᠢᠨ ᠰᠠᠶᠢᠳ ᠭᠷᠡᠮ ᠰᠲ᠋ᠶᠤᠸᠠᠷᠲ ᠲᠠᠢ 2018 ᠣᠨ ᠤ 10 ᠳ᠋ᠤᠭᠠᠷ ᠰᠠᠷ᠎ᠠ ᠶᠢᠨ 11 ᠍ ᠦ ᠡᠳᠦᠷ ᠠᠵᠢᠯ ᠤᠨ ᠠᠭᠤᠯᠵᠠᠯᠲᠠ ᠬᠢᠪᠡ᠃ ᠠᠭᠤᠯᠵᠠᠯᠲᠠ ᠪᠠᠷ ᠬᠣᠶᠠᠷ ᠣᠷᠣᠨ ᠤ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭᠠᠨ ᠤ ᠥᠨᠥ ᠶᠢᠨ ᠲᠦᠪᠰᠢᠨ᠂ ᠴᠢᠨᠠᠭᠰᠢᠳᠠ ᠡᠨᠡᠬᠦ ᠬᠠᠷᠢᠯᠴᠠᠭ᠎ᠠ ᠶᠢ ᠬᠡᠷᠬᠢᠨ ᠥᠷᠭᠡᠵᠢᠭᠦᠯᠦᠨ ᠬᠥᠭᠵᠢᠭᠦᠯᠬᠦ ᠪᠣᠯᠤᠨ ᠪᠥᠰᠡ ᠨᠤᠲᠤᠭ  ᠪᠣᠯᠤᠨ ᠣᠯᠠᠨ ᠤᠯᠤᠰ ᠤᠨ ᠬᠠᠷᠢᠯᠴᠠᠭᠠᠨ ᠤ ᠰᠣᠨᠢᠷᠬᠠᠭᠰᠠᠨ ᠵᠠᠷᠢᠮ ᠠᠰᠠᠭᠤᠳᠠᠯ ᠢᠶᠠᠷ ᠰᠠᠨᠠᠯ ᠰᠤᠯᠢᠯᠴᠠᠪᠠ᠃
ᠰᠠᠶᠢᠳ ᠳ∙ᠴᠣᠭᠲᠤᠪᠠᠭᠠᠲᠤᠷ ᠮᠣᠩᠭᠣᠯ᠂ ᠪᠷᠢᠲ᠋ᠠᠨ ᠤ ᠨᠠᠶᠢᠷᠰᠠᠭ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠪᠦᠬᠦᠢ ᠯᠠ ᠰᠠᠯᠪᠤᠷᠢ ᠳᠤ ᠥᠷᠭᠡᠵᠢᠭᠦᠯᠬᠦ᠂ ᠪᠷᠢᠲ᠋ᠠᠨ ᠤ ᠬᠥᠷᠥᠩᠭᠡ  ᠣᠷᠣᠭᠤᠯᠤᠯᠲᠠ᠂  ᠮᠡᠳᠡᠯᠭᠡ᠂ ᠥᠨᠳᠥᠷ ᠲᠧᠭᠨᠣᠯᠣᠭᠢ ᠶᠢ ᠮᠣᠩᠭᠣᠯ ᠳᠤ ᠨᠡᠪᠲᠡᠷᠡᠭᠦᠯᠬᠦ ᠶᠢᠨ ᠴᠢᠬᠤᠯᠠ ᠶᠢ  ᠣᠨᠴᠠᠯᠠᠭᠠᠳ᠂ ᠪᠷᠢᠲ᠋ᠠᠨ ᠨᠢ ᠧᠦ᠋ᠷᠣᠫᠠ ᠶᠢᠨ ᠬᠣᠯᠪᠣᠭᠠᠨ ᠠᠴᠠ ᠭᠠᠷᠤᠭᠰᠠᠨ ᠤ ᠳᠠᠷᠠᠭ᠎ᠠ ᠴᠤ ᠮᠣᠩᠭᠣᠯ ᠤᠯᠤᠰ ᠤᠨ ᠡᠺᠰᠫᠣᠷᠲ ᠤᠨ ᠪᠠᠷᠠᠭ᠎ᠠ ᠪᠦᠲᠦᠭᠡᠭᠳᠡᠬᠦᠨ ᠢ ᠲᠤᠰ ᠤᠯᠤᠰ ᠤᠨ ᠵᠠᠬ᠎ᠠ ᠵᠡᠭᠡᠯᠢ ᠳᠦ ᠭᠠᠶᠢᠯᠢ ᠶᠢᠨ ᠲᠠᠲᠠᠪᠤᠷᠢ ᠦᠭᠡᠢ ᠨᠡᠪᠲᠡᠷᠡᠭᠦᠯᠵᠦ ᠪᠤᠢ ᠣᠳᠣ ᠶᠢᠨ ᠧᠦ᠋ᠷᠣᠫᠠ ᠶᠢᠨ ᠬᠣᠯᠪᠣᠭᠠᠨ ᠤ GSP+ ᠵᠣᠬᠢᠴᠠᠭᠤᠯᠤᠯᠲᠠ ᠶᠢ ᠬᠡᠪ ᠢᠶᠡᠷ ᠬᠠᠳᠠᠭᠠᠯᠠᠨ ᠦᠷᠭᠦᠯᠵᠢᠯᠡᠭᠦᠯᠬᠦ ᠳᠦ ᠠᠩᠬᠠᠷᠤᠯ ᠢᠶᠠᠨ ᠬᠠᠨᠳᠤᠭᠤᠯᠬᠤ ᠶᠢ ᠬᠦᠰᠡᠪᠡ᠃ ᠲᠡᠭᠦᠨᠴᠢᠯᠡᠨ᠂ ᠰᠠᠶᠢᠳ ᠳ∙ᠴᠣᠭᠲᠤᠪᠠᠭᠠᠲᠤᠷ ᠬᠣᠶᠠᠷ ᠤᠯᠤᠰ ᠤᠨ ᠪᠢᠽᠢᠨᠧᠰ ᠡᠷᠬᠢᠯᠡᠭᠴᠢᠳ ᠦᠨ ᠲᠦᠩᠰᠢᠯᠡᠯ ᠢ ᠳᠡᠮᠵᠢᠬᠦ ᠵᠣᠷᠢᠯᠭ᠎ᠠ ᠪᠠᠷ ᠢᠷᠡᠬᠦ ᠣᠨ ᠳᠤ ᠯᠣᠨᠳᠣᠨ ᠬᠤᠲᠠ ᠳᠤ ᠪᠢᠽᠢᠨᠧᠰ ᠹᠣᠷᠣᠮ ᠵᠣᠬᠢᠶᠠᠨ ᠪᠠᠶᠢᠭᠤᠯᠬᠤ ᠰᠠᠨᠠᠯ ᠢ ᠳᠡᠪᠰᠢᠭᠦᠯᠪᠡ᠃
ᠭᠷᠡᠮ ᠰᠲ᠋ᠶᠤᠸᠠᠷᠲ ᠰᠠᠶᠢᠳ ᠳ∙ᠴᠣᠭᠲᠤᠪᠠᠭᠠᠲᠤᠷ ᠤᠨ ᠳᠡᠪᠰᠢᠭᠦᠯᠦᠭᠰᠡᠨ ᠰᠠᠨᠠᠯ ᠤᠳ ᠢ ᠳᠡᠮᠵᠢᠵᠦ ᠪᠠᠶᠢᠭ᠎ᠠ ᠪᠠᠨ ᠢᠯᠡᠷᠬᠡᠶᠢᠯᠡᠭᠡᠳ᠂ ᠪᠷᠢᠲ᠋ᠠᠨ ᠤ ᠡᠺᠰᠫᠣᠷᠲ ᠤᠨ ᠰᠠᠩᠬᠦᠦᠵᠢᠯᠲᠠ ᠶᠢᠨ ᠠᠭᠧᠨᠲᠯᠢᠭ ᠠᠴᠠ 200 ᠰᠠᠶ᠎ᠠ ᠹᠦᠨᠲ ᠰᠲ᠋ᠧᠷᠯᠢᠩ ᠦᠨ ᠰᠠᠩᠬᠦᠦᠵᠢᠯᠲᠠ  ᠶᠢ ᠮᠣᠩᠭᠣᠯ ᠤᠨ ᠠᠵᠤ ᠠᠬᠤᠢ ᠨᠢᠭᠡᠴᠢ ᠨᠦᠭᠦᠳ ᠲᠦ ᠦᠨᠳᠦᠰᠦᠨ ᠦ ᠮᠥᠩᠭᠥᠨ ᠲᠡᠮᠳᠡᠭᠲᠦ ᠪᠡᠷ ᠣᠯᠭᠣᠬᠤ ᠪᠣᠯᠤᠮᠵᠢ ᠲᠠᠢ ᠭᠡᠳᠡᠭ ᠢ ᠳᠠᠬᠢᠨ ᠨᠣᠲᠠᠯᠠᠪᠠ᠃

ᠰᠡᠳᠬᠢᠭᠳᠡᠯ ᠦᠯᠡᠳᠡᠭᠡᠬᠦ