Singer ᠣᠶᠣᠳᠠᠯ ᠤᠨ ᠦᠢᠯᠡᠳᠪᠦᠷᠢ ᠨᠡᠭᠡᠭᠡᠭᠳᠡᠯ᠎ᠡ | News.MN

Singer ᠣᠶᠣᠳᠠᠯ ᠤᠨ ᠦᠢᠯᠡᠳᠪᠦᠷᠢ ᠨᠡᠭᠡᠭᠡᠭᠳᠡᠯ᠎ᠡ

ᠬᠥᠪᠰᠥᠭᠥᠯ ᠠᠶᠢᠮᠠᠭ ᠤᠨ ᠮᠥᠷᠡᠨ ᠰᠤᠮᠤᠨ ᠳᠤ Singer ᠣᠶᠣᠳᠠᠯ ᠤᠨ ᠦᠢᠯᠡᠳᠪᠦᠷᠢ᠂ ᠰᠤᠷᠭᠠᠯᠲᠠ ᠶᠢᠨ ᠲᠥᠪ ᠪᠠᠶᠢᠭᠤᠯᠤᠭᠳᠠᠯ᠎ᠠ᠃ ᠤᠯᠤᠰ ᠤᠨ ᠶᠡᠬᠡ ᠬᠤᠷᠠᠯ ᠶᠢᠨ ᠭᠡᠰᠢᠭᠦᠨ ᠯ∙ᠮᠥᠩᠬᠡᠪᠠᠭᠠᠲᠤᠷ ᠮᠥᠷᠡᠨ ᠰᠤᠮᠤ ᠶᠢᠨ ᠥᠪᠡᠷ ᠦᠨ ᠲᠣᠭᠣᠷᠢᠭ ᠲᠤ ᠬᠠᠮᠢᠶᠠᠷᠬᠤ 5 ᠪᠠᠭ ᠠᠴᠠ 5 ᠪᠦᠰᠡᠭᠦᠢ ᠶᠢ ᠰᠣᠩᠭᠣᠨ ᠰᠤᠷᠭᠠᠯᠲᠠ  ᠶᠢᠨ ᠵᠠᠷᠤᠳᠠᠯ ᠢ ᠨᠢ ᠬᠠᠷᠢᠭᠤᠴᠠᠨ Singer ᠰᠤᠷᠭᠠᠯᠲᠠ ᠶᠢᠨ ᠲᠥᠪ ᠲᠦ ᠵᠦᠢᠮᠡᠯ ᠣᠶᠣᠳᠠᠯ ᠤᠨ ᠴᠢᠭᠯᠡᠯ ᠢᠶᠡᠷ᠂ ᠤᠷᠠᠯᠠᠨ ᠪᠦᠲᠦᠭᠡᠬᠦ ᠳᠡᠭᠡᠳᠦ ᠰᠤᠷᠭᠠᠭᠤᠯᠢ ᠳᠤ ᠬᠤᠪᠴᠠᠰᠤ ᠵᠠᠭᠪᠤᠷ ᠤᠨ ᠴᠢᠭᠯᠡᠯ ᠢᠶᠡᠷ ᠰᠤᠷᠤᠯᠴᠠᠭᠤᠯᠤᠨ ᠮᠡᠷᠭᠡᠵᠢᠯ ᠡᠵᠡᠮᠰᠢᠭᠦᠯᠵᠡᠢ ᠃ ᠮᠡᠷᠭᠡᠰᠢᠭᠰᠡᠨ ᠦᠢᠯᠡᠴᠢᠨ ᠪᠦᠰᠡᠭᠦᠶᠢᠴᠦᠳ ᠢᠷᠭᠡᠳ ᠲᠦ ᠦᠢᠯᠡ ᠤᠷᠠᠯᠠᠬᠤ ᠶᠢ ᠵᠢᠭᠠᠨ ᠰᠤᠷᠭᠠᠵᠤ᠂ ᠣᠷᠣᠨ ᠨᠤᠲᠤᠭ ᠤᠨ ᠢᠶᠠᠨ ᠬᠦᠭᠵᠢᠯ ᠳᠦ ᠬᠤᠪᠢ ᠨᠡᠮᠡᠷᠢ ᠪᠡᠨ ᠣᠷᠣᠭᠤᠯᠵᠤ᠂ ᠬᠥᠪᠰᠥᠭᠥᠯ ᠦᠨ ᠣᠶᠣᠮᠠᠯ ᠪᠦᠲᠦᠭᠡᠭᠳᠡᠬᠦᠨ ᠦ ᠪᠷᠠᠨᠳ᠋ ᠢ ᠪᠤᠢ ᠪᠣᠯᠭᠠᠬᠤ ᠵᠣᠷᠢᠯᠭ᠎ᠠ ᠲᠠᠢ ᠭᠡᠨ᠎ᠡ᠃ ᠬᠠᠮᠤᠭ ᠤᠨ ᠭᠣᠣᠯ ᠨᠢ ᠢᠷᠭᠡᠳ᠂ ᠪᠠᠶᠢᠭᠤᠯᠤᠯᠭ᠎ᠠ᠂ ᠠᠵᠤ ᠠᠬᠤᠢ ᠨᠢᠭᠡᠴᠢ ᠨᠦᠭᠦᠳ ᠮᠥᠷᠡᠨ ᠰᠤᠮᠤᠨ ᠳᠤ ᠨᠡᠭᠡᠭᠡᠭᠳᠡᠵᠦ ᠪᠠᠶᠢᠭ᠎ᠠ ᠣᠶᠣᠳᠠᠯ ᠤᠨ ᠦᠢᠯᠡᠳᠪᠦᠷᠢ ᠶᠢ ᠳᠡᠮᠵᠢᠵᠦ᠂ ᠪᠦᠲᠦᠭᠡᠭᠳᠡᠬᠦᠨ ᠢ ᠨᠢ ᠬᠤᠳᠠᠯᠳᠤᠨ ᠠᠪᠬᠤ ᠶᠢ ᠪᠦᠰᠡᠭᠦᠶᠢᠴᠦᠳ ᠤᠷᠢᠶᠠᠯᠠᠵᠤ ᠪᠠᠶᠢᠨ᠎ᠠ ᠃

ᠰᠡᠳᠬᠢᠭᠳᠡᠯ ᠦᠯᠡᠳᠡᠭᠡᠬᠦ