ᠮᠣᠩᠭᠣᠯ ᠤᠨ ᠭᠣᠪᠢ ᠳᠤ ᠰᠤᠳᠤᠯᠭ᠎ᠠ ᠬᠢᠭᠰᠡᠨ ᠮᠣᠩᠭᠣᠯ ᠶᠠᠫᠣᠨ ᠤ ᠡᠷᠳᠡᠮᠲᠡᠳ ᠦᠨ ᠪᠠᠭ ᠰᠢᠨᠵᠢᠯᠡᠬᠦ ᠤᠬᠠᠭᠠᠨ ᠳᠤ ᠤᠷᠢᠳ ᠡᠮᠦᠨ᠎ᠡ ᠮᠡᠳᠡᠭᠳᠡᠵᠦ ᠪᠠᠶᠢᠭ᠎ᠠ ᠦᠭᠡᠢ ᠠᠪᠤᠷᠭᠤ ᠲᠣᠮᠣ ᠦᠯᠦᠭ ᠭᠦᠷᠪᠡᠯ ᠦᠨ ᠶᠠᠰᠤ᠂ ᠴᠢᠯᠠᠭᠤᠵᠢᠭᠰᠠᠨ ᠮᠥᠷ ᠣᠯᠵᠤ ᠢᠯᠡᠷᠡᠭᠦᠯᠵᠡᠢ᠃ ᠮᠡᠷᠭᠡᠵᠢᠯᠲᠡᠨ ᠨᠦᠭᠦᠳ ᠦᠨ ᠬᠡᠯᠡᠵᠦ ᠪᠠᠶᠢᠭ᠎ᠠ ᠪᠠᠷ᠂ ᠡᠷᠳᠡᠮᠲᠡᠳ ᠦᠨ ᠣᠯᠤᠭᠰᠠᠨ ᠶᠠᠰᠤᠨ ᠳᠤᠮᠳᠠ ᠣᠳᠣ ᠠᠴᠠ 70 ᠰᠠᠶ᠎ᠠ ᠵᠢᠯ ᠦᠨ ᠡᠮᠦᠨ᠎ᠡ ᠠᠮᠢᠳᠤᠷᠠᠵᠤ ᠪᠠᠶᠢᠭᠰᠠᠨ ᠽᠠᠤᠷᠤᠫᠤᠳ᠋ ᠮᠠᠶ᠋ᠢᠭ ᠤᠨ ᠡᠪᠡᠰᠦᠨ ᠲᠡᠵᠢᠭᠡᠯᠲᠡᠨ ᠦᠯᠦᠭ ᠭᠦᠷᠪᠡᠯ ᠦᠨ ᠶᠠᠰᠤ ᠪᠠᠶᠢᠭ᠎ᠠ ᠪᠥᠭᠡᠳ ᠬᠡᠮᠵᠢᠶ᠎ᠡ ᠶᠢ ᠨᠢ 20 ᠮᠧᠲ᠋ᠷ᠂ ᠵᠢᠩ ᠨᠢ 15-30 ᠲᠣᠨ ᠬᠦᠷᠦᠨ᠎ᠡ ᠬᠡᠮᠡᠨ ᠲᠣᠭᠠᠴᠠᠭᠠᠯᠠᠭᠰᠠᠨ ᠪᠠᠶᠢᠨ᠎ᠠ᠃ ᠡᠨᠡ ᠲᠥᠷᠥᠯ ᠦᠨ ᠦᠯᠦᠭ ᠭᠦᠷᠪᠡᠯ ᠨᠢ ᠶᠦᠷ ᠦᠨ ᠭᠠᠯᠪᠠ ᠶᠢᠨ ᠦᠶ᠎ᠡ ᠳᠦ ᠪᠦᠬᠦ ᠲᠢᠪ ᠲᠦ ᠲᠠᠷᠬᠠᠨ ᠠᠮᠢᠳᠤᠷᠠᠵᠤ ᠪᠠᠶᠢᠭᠰᠠᠨ ᠭᠡᠵᠦ ᠦᠵᠡᠳᠡᠭ ᠶᠤᠮ᠃
ᠡᠭᠦᠨ ᠡᠴᠡ ᠭᠠᠳᠠᠨ᠎ᠠ᠂ ᠣᠯᠳᠠᠭᠰᠠᠨ ᠶᠠᠰᠤᠨ ᠳᠤᠮᠳᠠ 155 ᠰᠠᠨᠲ᠋ᠢᠮᠧᠲ᠋ᠷ ᠤᠷᠲᠤ ᠳᠤᠮᠳᠠ ᠴᠢᠮᠦᠭᠡᠨ ᠦ ᠶᠠᠰᠤ ᠪᠠᠶᠢᠭ᠎ᠠ ᠨᠢ ᠡᠷᠳᠡᠮᠲᠡᠳ ᠦᠨ ᠠᠩᠬᠠᠷᠤᠯ ᠢ ᠬᠠᠮᠤᠭ ᠤᠨ ᠶᠡᠬᠡ ᠪᠡᠷ ᠲᠠᠲᠠᠵᠤ ᠪᠠᠶᠢᠨ᠎ᠠ᠃