ᠮᠠᠨ ᠤ ᠤᠯᠤᠰ ᠤᠨ ᠬᠢᠯᠢ ᠪᠡᠷ 2018 ᠣᠨ ᠤ ᠡᠬᠢᠨ ᠦ ᠶᠢᠰᠦᠨ ᠰᠠᠷ᠎ᠠ ᠳᠤ ᠳᠠᠪᠬᠤᠷᠳᠠᠭᠰᠠᠨ ᠲᠣᠭ᠎ᠠ ᠪᠠᠷ 4.6 ᠰᠠᠶ᠎ᠠ ᠵᠣᠷᠴᠢᠭᠴᠢ ᠨᠡᠪᠲᠡᠷᠡᠭᠰᠡᠨ ᠨᠢ ᠡᠮᠦᠨᠡᠬᠢ ᠣᠨ ᠤ ᠮᠥᠨ ᠦᠶᠡᠰ 68.2 (1.5%) ᠮᠢᠩᠭ᠎ᠠ ᠪᠠᠷ ᠥᠰᠴᠠᠢ᠃ ᠵᠣᠷᠴᠢᠭᠴᠢᠳ ᠤᠨ 38.7 ᠬᠤᠪᠢ ᠨᠢ ᠵᠠᠮ ᠤᠨ ᠡᠭᠦᠳᠡ᠂ 18.7 ᠬᠤᠪᠢ ᠨᠢ ᠪᠤᠶᠠᠨᠲᠤᠬᠤᠸᠠ᠂ 11.8 ᠬᠤᠪᠢ ᠨᠢ ᠭᠠᠰᠢᠭᠤᠨᠰᠤᠬᠠᠶᠢᠲᠤ ᠳᠤ᠂ 11.4 ᠬᠤᠪᠢ ᠨᠢ ᠠᠯᠲᠠᠨᠪᠤᠯᠠᠭ᠂ 5.9 ᠬᠤᠪᠢ ᠨᠢ ᠰᠢᠪᠡᠭᠡ ᠬᠦᠷᠡᠩ᠂ 13.5 ᠬᠤᠪᠢ ᠨᠢ ᠪᠤᠰᠤᠳ ᠪᠣᠭᠣᠮᠲᠠ ᠪᠠᠷ ᠣᠷᠣᠭᠰᠠᠨ ᠠᠵᠠᠢ ᠃ ᠤᠯᠤᠰ ᠤᠨ ᠬᠢᠯᠢ ᠪᠡᠷ 2018 ᠣᠨ ᠤ ᠡᠬᠢᠨ ᠦ ᠶᠢᠰᠦᠨ ᠰᠠᠷ᠎ᠠ ᠳᠤ ᠭᠠᠳᠠᠭᠠᠳᠤ ᠶᠢᠨ 485.6 ᠮᠢᠩᠭᠠᠨ ᠬᠦᠮᠦᠨ ᠣᠷᠣᠭᠰᠠᠨ ᠨᠢ ᠡᠮᠦᠨᠡᠬᠢ ᠣᠨ ᠤ ᠮᠥᠨ ᠦᠶᠡᠰ 45.7 (10.4%) ᠮᠢᠩᠭ᠎ᠠ ᠪᠠᠷ ᠥᠰᠴᠠᠢ᠃
ᠬᠢᠯᠢ ᠪᠡᠷ ᠣᠷᠣᠭᠰᠠᠨ ᠭᠠᠳᠠᠭᠠᠳᠤ ᠶᠢᠨ ᠵᠣᠷᠴᠢᠭᠴᠢᠳ ᠤᠨ 34.1 ᠬᠤᠪᠢ ᠶᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠢᠷᠭᠡᠳ᠂ 21.0 ᠬᠤᠪᠢ ᠶᠢ ᠣᠷᠣᠰ ᠤᠨ ᠬᠣᠯᠪᠣᠭᠠᠨ ᠤ ᠤᠯᠤᠰ ᠤᠨ ᠢᠷᠭᠡᠳ᠂ 15.8 ᠬᠤᠪᠢ ᠶᠢ ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠍ ᠤᠨ ᠢᠷᠭᠡᠳ᠂ 3.8 ᠬᠤᠪᠢ ᠶᠢ ᠶᠠᠫᠣᠨ ᠤᠯᠤᠰ ᠤᠨ ᠢᠷᠭᠡᠳ᠂ 3.4 ᠬᠤᠪᠢ ᠶᠢ ᠠᠮᠧᠷᠢᠺᠠ ᠶᠢᠨ ᠢᠷᠭᠡᠳ᠂ 2.9 ᠬᠤᠪᠢ ᠶᠢ ᠬᠠᠰᠠᠭᠰᠲ᠋ᠠᠨ ᠤᠯᠤᠰ ᠤᠨ ᠢᠷᠭᠡᠳ᠂ 19.0 ᠬᠤᠪᠢ ᠶᠢ ᠪᠤᠰᠤᠳ ᠤᠯᠤᠰ ᠤᠨ ᠢᠷᠭᠡᠳ ᠲᠤᠰ ᠲᠤᠰ ᠡᠵᠡᠯᠡᠵᠦ ᠪᠠᠶᠢᠨ᠎ᠠ᠃ ᠮᠠᠨ ᠤ ᠤᠯᠤᠰ ᠤᠨ ᠳᠠᠪᠬᠤᠷᠳᠠᠭᠰᠠᠨ ᠲᠣᠭ᠎ᠠ ᠪᠠᠷ 1.8 ᠰᠠᠶ᠎ᠠ ᠢᠷᠭᠡᠨ 2018 ᠣᠨ ᠤ ᠡᠬᠢᠨ ᠦ ᠶᠢᠰᠦᠨ ᠰᠠᠷ᠎ᠠ ᠳᠤ ᠭᠠᠳᠠᠭᠠᠳᠤ ᠳᠤ ᠵᠣᠷᠴᠢᠭᠰᠠᠨ ᠠᠴᠠ 1.3 (71.9%) ᠰᠠᠶ᠎ᠠ ᠨᠢ ᠬᠤᠪᠢ ᠶᠢᠨ ᠵᠢᠷᠤᠮ ᠢᠶᠠᠷ ᠵᠣᠷᠴᠢᠵᠠᠢ᠃