ᠪᠡᠶ᠎ᠡ ᠶᠢᠨ ᠲᠠᠮᠢᠷ ᠰᠫᠣᠷᠲ ᠢ ᠬᠥᠭᠵᠢᠭᠦᠯᠵᠦ᠂ ᠢᠷᠭᠡᠳ ᠲᠦ ᠡᠷᠡᠭᠦᠯ ᠠᠵᠤ ᠲᠥᠷᠥᠬᠦ ᠳᠠᠳᠤᠯ᠂ ᠬᠡᠪᠰᠢᠯ ᠣᠯᠭᠣᠬᠤ ᠬᠦᠷᠢᠶᠡᠨ ᠳᠦ ᠪᠦᠬᠦ ᠨᠡᠶᠢᠲᠡ ᠶᠢᠨ ᠣᠷᠣᠯᠴᠠᠭ᠎ᠠ ᠶᠢ ᠨᠡᠮᠡᠭᠳᠡᠭᠦᠯᠬᠦ᠂ ᠢᠷᠭᠡᠳ ᠲᠦ ᠤᠨᠤᠳᠠᠭ ᠳᠤᠭᠤᠢ ᠶᠢᠨ ᠠᠴᠢ ᠬᠣᠯᠪᠣᠭᠳᠠᠯ ᠢ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠪᠠᠷ 《ᠳᠤᠭᠤᠢ ᠶᠢᠨ ᠪᠠᠶᠠᠷ 2018》 ᠡᠳᠦᠷᠯᠢᠭ ᠢ ᠵᠣᠬᠢᠶᠠᠨ ᠪᠠᠶᠢᠭᠤᠯᠵᠤ ᠪᠠᠶᠢᠨ᠎ᠠ᠃ ᠮᠣᠩᠭᠣᠯ ᠤᠨ ᠳᠤᠭᠤᠢ ᠶᠢᠨ ᠬᠣᠯᠪᠣᠭᠠᠨ ᠤ ᠶᠡᠷᠦᠩᠬᠡᠶᠢᠯᠡᠭᠴᠢ ᠫ∙ ᠭᠠᠩᠬᠦᠦ ᠡᠳᠦᠷᠯᠢᠭ ᠢ ᠨᠡᠭᠡᠭᠡᠵᠦ ᠬᠡᠯᠡᠬᠦ ᠳᠦ ᠪᠡᠨ ᠄ ᠮᠠᠨ ᠤ ᠬᠣᠯᠪᠣᠭ᠎ᠠ ᠳᠡᠷᠭᠡᠳᠡ ᠪᠡᠨ 40 ᠭᠡᠰᠢᠭᠦᠨ ᠰᠠᠯᠪᠤᠷᠢ᠂ ᠺᠯᠦ᠋ᠪ᠂ ᠪᠠᠭ ᠪᠣᠯᠤᠨ 350 ᠭᠠᠷᠤᠢ ᠭᠡᠰᠢᠭᠦᠨ ᠲᠡᠢ᠃ ᠥᠨᠥᠳᠥᠷ ᠯᠠ ᠭᠡᠬᠦ ᠳᠦ ᠬᠡᠨᠲᠡᠢ ᠠᠶᠢᠮᠠᠭ ᠲᠤ ᠵᠠᠯᠠᠭᠤᠴᠤᠳ ᠤᠨ ᠠᠭᠤᠯᠠ ᠶᠢᠨ ᠳᠤᠭᠤᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠮᠥᠨ ᠤᠪᠰᠤ ᠠᠶᠢᠮᠠᠭ ᠲᠤ ᠠᠭᠤᠯᠠ ᠶᠢᠨ ᠳᠤᠭᠤᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠪᠠᠶᠢᠭ᠎ᠠ᠃ ᠪᠢᠳᠡ ᠤᠯᠢᠮᠫᠢᠺ ᠤᠨ ᠡᠷᠬᠡ ᠠᠪᠬᠤ ᠶᠢᠨ ᠲᠥᠯᠥᠭᠡ ᠲᠠᠮᠢᠷᠴᠢᠳ ᠢᠶᠠᠨ ᠳᠡᠮᠵᠢᠨ ᠠᠵᠢᠯᠯᠠᠵᠤ᠂ ᠣᠯᠠᠨ ᠤᠷᠤᠯᠳᠤᠭᠠᠨ ᠲᠡᠮᠡᠴᠡᠭᠡᠨ ᠲᠣᠭᠲᠠᠮᠠᠯ ᠵᠣᠬᠢᠶᠠᠨ ᠪᠠᠶᠢᠭᠤᠯᠵᠤ ᠪᠠᠶᠢᠨ᠎ᠠ᠃ ᠵᠥᠪᠬᠡᠨ ᠮᠡᠷᠭᠡᠵᠢᠯ ᠦᠨ ᠳᠤᠭᠤᠢ ᠶᠢᠨ ᠰᠫᠣᠷᠲ ᠢ ᠬᠥᠭᠵᠢᠭᠦᠯᠬᠦ ᠡᠴᠡ ᠭᠠᠳᠠᠨ᠎ᠠ ᠰᠣᠨᠢᠷᠬᠠᠭᠴᠢᠳ ᠤᠨ ᠢᠳᠡᠪᠬᠢ᠂ ᠣᠷᠣᠯᠴᠠᠭ᠎ᠠ ᠶᠢ ᠨᠡᠮᠡᠭᠳᠡᠭᠦᠯᠬᠦ ᠴᠢᠭᠯᠡᠯ ᠳᠦ ᠠᠩᠬᠠᠷᠴᠤ ᠡᠬᠢᠯᠡᠭᠰᠡᠨ᠃ ᠥᠨᠥᠳᠥᠷ ᠤᠯᠤᠰ ᠤᠨ ᠬᠡᠮᠵᠢᠶᠡᠨ ᠳᠦ 15 ᠮᠢᠩᠭ᠎ᠠ ᠣᠷᠴᠢᠮ ᠬᠦᠮᠦᠨ ᠲᠣᠭᠲᠠᠮᠠᠯ ᠳᠤᠭᠤᠢ ᠤᠨᠤᠳᠠᠭ ᠭᠡᠰᠡᠨ ᠰᠤᠳᠤᠯᠭᠠᠨ ᠠᠴᠠ ᠬᠠᠷᠠᠬᠤ ᠳᠤ ᠡᠨᠡ ᠲᠥᠷᠥᠯ ᠦᠨ ᠰᠫᠣᠷᠲ ᠥᠷᠭᠡᠨ ᠬᠦᠷᠢᠶᠡᠨ ᠳᠦ ᠬᠥᠭᠵᠢᠬᠦ ᠢᠷᠡᠭᠡᠳᠦᠢ ᠪᠤᠢ ᠬᠡᠮᠡᠪᠡ᠃
ᠮᠥᠨ ᠡᠨᠡ ᠣᠨ ᠳᠤ ᠮᠣᠩᠭᠣᠯ ᠤᠨ ᠳᠤᠭᠤᠢ ᠶᠢᠨ ᠬᠣᠯᠪᠣᠭᠠᠨ ᠤ ᠲᠠᠮᠢᠷᠴᠢᠳ ᠣᠯᠠᠨ ᠤᠯᠤᠰ ᠤᠨ ᠲᠡᠮᠡᠴᠡᠭᠡᠨ᠂ ᠤᠷᠤᠯᠳᠤᠭᠠᠨ ᠳᠤ ᠠᠮᠵᠢᠯᠲᠠ ᠲᠠᠢ ᠣᠷᠣᠯᠴᠠᠭᠰᠠᠨ ᠢ ᠲᠡᠷᠡ ᠪᠡᠷ ᠳᠤᠷᠠᠳᠤᠭᠰᠠᠨ᠃ ᠠᠽᠢᠶ᠎ᠠ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠵᠠᠰᠠᠮᠠᠯ ᠵᠠᠮ ᠤᠨ ᠳᠤᠭᠤᠢ ᠪᠠᠷ Under-23 ᠠᠩᠭᠢᠯᠠᠯ ᠤᠨ ᠲᠥᠷᠥᠯ ᠡᠴᠡ ᠰ∙ᠵᠠᠮᠪᠠᠯᠵᠠᠮᠰᠤ ᠮᠥᠩᠭᠥᠨ ᠮᠧᠳᠠᠯ᠂ ᠮᠥᠨ Track ᠲᠥᠷᠥᠯ ᠡᠴᠡ ᠪ∙ᠲᠡᠭᠰᠢᠪᠠᠶᠠᠷ ᠬᠦᠷᠡᠯ ᠮᠧᠳᠠᠯ ᠬᠦᠷᠲᠡᠭᠰᠡᠨ ᠨᠢ ᠮᠠᠨ ᠤ ᠤᠯᠤᠰ ᠤᠨ ᠬᠡᠮᠵᠢᠶᠡᠨ ᠳᠦ ᠠᠩᠬ᠎ᠠ ᠤᠳᠠᠭ᠎ᠠ ᠶᠢᠨ ᠠᠮᠵᠢᠯᠲᠠ ᠪᠣᠯᠤᠨ ᠲᠡᠮᠳᠡᠭᠯᠡᠭᠳᠡᠵᠡᠢ᠃ ᠰᠠᠶ᠋ᠢᠬᠠᠨ ᠪᠣᠯᠤᠭᠰᠠᠨ ᠠᠽᠢᠶ᠎ᠠ ᠨᠣᠮᠣᠬᠠᠨ ᠳᠠᠯᠠᠢ ᠶᠢᠨ ᠣᠷᠣᠨ ᠨᠤᠭᠤᠳ ᠤᠨ ᠮᠠᠰᠲ᠋ᠸᠷ ᠤᠳ ᠤᠨ ᠠᠩᠬᠠᠨ ᠤ ᠨᠠᠭᠠᠳᠤᠮ ᠠᠴᠠ ᠲ∙ᠫᠦᠷᠪᠦᠳᠣᠷᠵᠢ 60᠂ 70 ᠨᠠᠰᠤᠨ ᠤ ᠠᠩᠭᠢᠯᠠᠯ ᠳᠤ ᠬᠣᠱᠣᠢ ᠠᠯᠲᠠᠨ ᠮᠧᠳᠠᠯ ᠬᠦᠷᠲᠡᠭᠰᠡᠨ ᠨᠢ ᠮᠣᠩᠭᠣᠯ ᠤᠨ ᠳᠤᠭᠤᠢ ᠶᠢᠨ ᠲᠡᠦᠬᠡᠨ ᠳᠦ ᠰᠢᠨ᠎ᠡ ᠬᠠᠭᠤᠳᠠᠰᠤ ᠨᠡᠭᠡᠭᠡᠭᠰᠡᠨ ᠶᠤᠮ ᠃