ᠣᠰᠺᠠᠷ ᠤᠨ ᠣᠶᠤᠲᠠᠨ ᠤ ᠠᠺᠠᠳᠧᠮᠢ ᠶᠢᠨ 《ᠣᠯᠠᠨ ᠤᠯᠤᠰ ᠤᠨ ᠪᠠᠷᠢᠮᠲᠠᠲᠤ ᠺᠢᠨᠣ᠋》 ᠲᠥᠷᠥᠯ ᠳᠦ 《ᠨᠡᠭᠦᠳᠡᠯ ᠦᠨ ᠡᠮᠴᠢ》 ᠪᠠᠷᠢᠮᠲᠠᠲᠤ ᠺᠢᠨᠣ᠋ ᠍ ᠪᠠᠷ ᠢᠶᠠᠨ ᠠ᠊∙ᠲᠦᠪᠰᠢᠨ᠂ ᠪ ∙ ᠮᠠᠷᠲ ᠨᠠᠷ ᠠᠯᠲᠠᠨ ᠮᠧᠳᠠᠯ ᠤᠨ ᠡᠵᠡᠳ ᠪᠣᠯᠵᠤ᠂ ᠮᠣᠩᠭᠣᠯ ᠤᠯᠤᠰ ᠤᠨ ᠨᠡᠷ᠎ᠡ ᠶᠢ ᠠᠩᠬ᠎ᠠ ᠤᠳᠠᠭ᠎ᠠ ᠺᠢᠨᠣ᠋ ᠠᠺᠠᠳᠧᠮᠢ ᠶᠢᠨ ᠲᠡᠦᠬᠡᠨ ᠳᠦ ᠮᠥᠩᠬᠡᠯᠡᠯ᠎ᠡ᠃ ᠥᠴᠥᠭᠡᠳᠦᠷ ᠪᠣᠯᠤᠭᠰᠠᠨ 45 ᠳᠠᠬᠢ ᠤᠳᠠᠭ᠎ᠠ ᠶᠢᠨ ᠣᠰᠺᠠᠷ ᠤᠨ ᠣᠶᠤᠲᠠᠨ ᠤ ᠠᠺᠠᠳᠧᠮᠢ ᠶᠢᠨ ᠱᠠᠩᠨᠠᠯ ᠭᠠᠷᠳᠠᠭᠤᠯᠬᠤ ᠶᠣᠰᠣᠯᠠᠯ ᠤᠨ ᠠᠵᠢᠯᠯᠠᠭᠠᠨ ᠠᠴᠠ 19 ᠬᠦᠮᠦᠨ ᠱᠠᠩᠨᠠᠯ ᠭᠠᠷᠳᠠᠨ ᠠᠪᠤᠭᠰᠠᠨ ᠤ ᠨᠢᠭᠡ ᠨᠢ ᠮᠣᠩᠭᠣᠯ ᠤᠨ ᠤᠷᠠᠨ ᠪᠦᠲᠦᠭᠡᠯᠴᠢᠳ ᠪᠠᠶᠢᠭᠰᠠᠨ ᠢ ᠣᠯᠠᠨ ᠤᠯᠤᠰ ᠤᠨ ᠬᠡᠪᠯᠡᠯ ᠦᠳ ᠣᠨᠴᠠᠯᠠᠵᠠᠢ ᠃ ᠪ∙ᠮᠠᠷᠲ ᠄ 45 ᠳ᠋ᠡᠬᠢ ᠤᠳᠠᠭ᠎ᠠ ᠶᠢᠨ ᠡᠨᠡᠬᠦ ᠶᠣᠰᠣᠯᠠᠯ ᠤᠨ ᠠᠵᠢᠯᠯᠠᠭᠠᠨ ᠤ ᠲᠠᠶᠢᠰᠠᠨ ᠠᠴᠠ 45 ᠨᠠᠰᠤ ᠲᠠᠢ ᠳᠠᠭᠠᠨ ᠱᠠᠩᠨᠠᠯ ᠬᠦᠷᠲᠡᠵᠦ ᠪᠠᠶᠢᠭ᠎ᠠ ᠳᠤ ᠪᠠᠨ ᠪᠢ ᠶᠡᠬᠡᠳᠡ ᠪᠡᠯᠭᠡᠰᠢᠶᠡᠵᠦ ᠪᠠᠶᠢᠨ᠎ᠠ᠃ ᠬᠡᠦᠬᠡᠳ ᠪᠠᠶᠢᠬᠤ ᠠᠴᠠ ᠪᠠᠨ ᠯᠠ ᠭᠣᠪᠢ ᠶᠢᠨ ᠭᠠᠶᠢᠬᠠᠮᠰᠢᠭᠲᠤ ᠲᠡᠷᠡ ᠪᠠᠶᠢᠭᠠᠯᠢ᠂ ᠬᠦᠮᠦᠨ ᠵᠣᠨ ᠤ ᠪᠠᠨ ᠤᠯᠠᠮᠵᠢᠯᠠᠯ᠂ ᠶᠣᠰᠣ ᠵᠠᠩᠰᠢᠯ ᠢ ᠳᠡᠯᠡᠬᠡᠢ ᠳ᠋ᠠᠬᠢᠨ ᠳᠤ ᠬᠦᠷᠭᠡᠬᠦ ᠶᠤᠮᠰᠠᠨ ᠬᠡᠮᠡᠨ ᠳᠣᠲᠣᠷ᠎ᠠ ᠪᠠᠨ ᠰᠢᠲᠠᠵᠤ ᠶᠠᠪᠤᠳᠠᠭ ᠪᠠᠶᠢᠯ᠎ᠠ》 ᠬᠡᠮᠡᠨ ᠠᠺᠠᠳᠧᠮᠢ ᠶᠢᠨ ᠱᠠᠩᠨᠠᠯ ᠭᠠᠷᠳᠠᠭᠤᠯᠬᠤ ᠶᠣᠰᠣᠯᠠᠯ ᠤᠨ ᠲᠠᠶᠢᠰᠠᠨ ᠠᠴᠠ ᠰᠡᠳᠬᠢᠭᠳᠡᠯ ᠢᠶᠡᠨ ᠬᠤᠪᠢᠶᠠᠯᠴᠠᠭᠰᠠᠨ ᠪᠠᠶᠢᠨ᠎ᠠ᠃
ᠪᠠᠷᠢᠭ ᠤᠨ ᠮᠠᠷᠲ ᠨᠥᠬᠥᠷ ᠠ᠊∙ᠲᠦᠪᠰᠢᠨ ᠪᠣᠯᠤᠨ ᠭᠤᠷᠪᠠᠨ ᠬᠡᠦᠬᠡᠳ ᠦᠨ ᠬᠠᠮᠲᠤ ᠯᠣᠨᠳᠣᠨ ᠬᠤᠲᠠ ᠳᠤ ᠠᠮᠢᠳᠤᠷᠠᠳᠠᠭ ᠪᠥᠭᠡᠳ ᠬᠤᠶᠠᠳᠠᠬᠢ ᠤᠷᠠᠨ ᠪᠦᠲᠦᠭᠡᠯ ᠪᠣᠯᠬᠤ 《ᠨᠡᠭᠦᠳᠡᠯ ᠦᠨ ᠡᠮᠴᠢ》 ᠶᠢ ᠲᠡᠭᠦᠨ ᠦ ᠨᠥᠬᠥᠷ ᠨᠠᠶᠢᠷᠠᠭᠤᠯᠵᠠᠢ᠃ ᠮᠣᠩᠭᠣᠯ ᠤᠨ ᠭᠣᠪᠢ ᠳᠤ ᠠᠮᠢᠳᠤᠷᠠᠵᠤ ᠪᠤᠢ ᠢᠷᠭᠡᠳ ᠲᠦ ᠡᠮᠨᠡᠯᠭᠡ ᠶᠢᠨ ᠦᠢᠯᠡᠴᠢᠯᠡᠭᠡ ᠦᠵᠡᠭᠦᠯᠬᠦ ᠶᠢᠨ ᠲᠤᠯᠠᠳᠠ ᠬᠠᠲᠠᠭᠤ ᠰᠢᠷᠦᠭᠦᠨ ᠠᠭᠤᠷ ᠠᠮᠢᠰᠬᠤᠯ᠂ ᠡᠪᠦᠯ ᠵᠤᠨ ᠢ ᠦᠯᠦ ᠠᠵᠢᠷᠠᠨ᠂ ᠮᠣᠷᠢ᠂ ᠲᠡᠮᠡᠭᠡ᠂ ᠮᠠᠰᠢᠨ ᠢᠶᠠᠷ ᠡᠯᠡᠰᠦᠨ ᠰᠢᠷᠭᠠᠯ ᠲᠠᠯ᠎ᠠ ᠶᠢ ᠲᠤᠭᠤᠯᠤᠨ ᠤᠳᠠᠭᠠᠨ ᠬᠤᠭᠤᠴᠠᠭᠠᠨ ᠳᠤ ᠠᠶᠠᠯᠬᠤ ᠡᠮᠴᠢ ᠶᠢᠨ ᠪᠣᠳᠠᠲᠤ ᠲᠡᠦᠬᠡ ᠶᠢ ᠦᠭᠦᠯᠡᠭᠰᠡᠨ ᠡᠨᠡᠬᠦ ᠪᠠᠷᠢᠮᠲᠠᠲᠤ ᠺᠢᠨᠤ᠋ ᠶᠢ ᠳᠡᠯᠡᠬᠡᠢ ᠶᠢᠨ ᠺᠢᠨᠣ᠋ ᠤᠷᠠᠯᠢᠭ ᠤᠨ ᠮᠡᠷᠭᠡᠵᠢᠯᠲᠡᠨ ᠨᠦᠭᠦᠳ ᠡᠶᠢᠨ ᠬᠦ ᠦᠨᠡᠯᠡᠯ᠎ᠡ ᠃