ᠳᠡᠯᠡᠬᠡᠢ ᠶᠢᠨ ᠠᠪᠤᠷᠭᠤ ᠶᠢᠨ ᠬᠦᠷᠡᠯ ᠮᠸᠳᠡᠯᠲᠤ ᠮ∙ᠪᠤᠨᠳᠠᠮᠠ ᠶᠢᠨ ᠨᠡᠷᠡᠮᠵᠢᠲᠦ ᠵᠢᠤᠳᠤ᠋ ᠪᠥᠬᠡ ᠶᠢᠨ ᠥᠰᠪᠦᠷᠢ ᠶᠢᠨ ᠣᠯᠠᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 08-10 ᠍ ᠤ ᠡᠳᠦᠷ ᠦᠳ ᠲᠦ ᠥᠪᠦᠷᠬᠠᠩᠭᠠᠢ ᠠᠶᠢᠮᠠᠭ ᠤᠨ ᠬᠠᠷᠠᠬᠣᠷᠢᠨ ᠰᠤᠮᠤᠨ ᠳᠤ ᠵᠣᠬᠢᠶᠠᠨ ᠪᠠᠶᠢᠭᠤᠯᠤᠭᠳᠠᠯ᠎ᠠ᠃
ᠲᠤᠰ ᠲᠡᠮᠡᠴᠡᠭᠡᠨ ᠳᠦ ᠤᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠍ ᠤᠨ ᠬᠠᠷᠢᠶ᠎ᠠ ︽ᠠᠪᠤᠷᠠᠭᠴᠢ︾ ᠪᠡᠶ᠎ᠡ ᠶᠢᠨ ᠲᠠᠮᠢᠷ ᠲᠧᠭᠨᠢᠭ ᠰᠫᠣᠷᠲ ᠬᠣᠷᠢᠶᠠᠨ ᠤ ᠣᠷᠣᠯᠠᠭᠴᠢ ᠳᠠᠷᠤᠭ᠎ᠠ᠂ ᠳᠡᠰᠯᠡᠭᠴᠢ ᠥ᠊∙ᠷᠠᠭᠴᠠᠳᠣᠷᠵᠢ ᠪᠠᠷ ᠤᠳᠤᠷᠢᠳᠤᠭᠤᠯᠤᠭᠰᠠᠨ ᠲᠠᠪᠤᠨ ᠲᠠᠮᠢᠷᠴᠢᠨ ᠣᠷᠣᠯᠴᠠᠭᠰᠠᠨ ᠠᠴᠠ 55 ᠺᠢᠯᠦᠭᠷᠡᠮ ᠵᠢᠩ ᠳᠦ ᠠᠯᠲᠠᠨ ᠮᠧᠳᠠᠯ ᠢ ᠤ᠊∙ᠳᠠᠸᠠᠰᠦ᠋ᠷᠦᠩ᠂ 66 ᠺᠢᠯᠦᠭᠷᠡᠮ ᠵᠢᠩ ᠳᠦ ᠬᠦᠷᠡᠯ ᠮᠧᠳᠠᠯ ᠢ ᠴ∙ᠨᠢᠮᠠᠲᠡᠭᠦᠰ᠂ 73 ᠺᠢᠯᠦᠭᠷᠡᠮ ᠵᠢᠩ ᠳᠦ ᠪ∙ᠠᠯᠲᠠᠨᠱᠠᠭ᠎ᠠ ᠨᠠᠷ ᠮᠥᠨ ᠬᠦᠷᠡᠯ ᠮᠧᠳᠠᠯ ᠬᠦᠷᠲᠡᠵᠦ᠂ ᠪᠠᠭ ᠤᠨ ᠳ᠋ᠦᠩ ᠢᠶᠡᠷ ᠳᠥᠷᠪᠡᠳᠦᠭᠡᠷ ᠪᠠᠶᠢᠷᠢ ᠳᠤ ᠰᠢᠯᠭᠠᠷᠠᠭᠰᠠᠨ ᠶᠤᠮ᠃
ᠲᠡᠮᠡᠴᠡᠭᠡᠨ ᠳᠦ 23 ᠪᠠᠶᠢᠭᠤᠯᠤᠯᠭ᠎ᠠ ᠶᠢᠨ 450 ᠭᠠᠷᠤᠢ ᠲᠠᠮᠢᠷᠴᠢᠨ ᠬᠤᠷᠳᠤ᠂ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠵᠦ᠂ ᠠᠪᠤᠷᠭᠤ ᠨᠤᠭᠤᠳ ᠢᠶᠠᠨ ᠰᠢᠯᠭᠠᠷᠠᠭᠤᠯᠤᠯ᠎ᠠ ᠭᠡᠵᠦ ︽ᠠᠪᠤᠷᠠᠭᠴᠢ︾ ᠪᠡᠶ᠎ᠡ ᠶᠢᠨ ᠲᠠᠮᠢᠷ᠂ ᠲᠧᠭᠨᠢᠭ ᠰᠫᠣᠷᠲ ᠤᠨ ᠬᠣᠷᠢᠶᠠᠨ ᠠᠴᠠ ᠮᠡᠳᠡᠭᠡᠯᠡᠯ᠎ᠡ᠃