ᠳᠡᠯᠡᠬᠡᠢ ᠳ᠋ᠠᠬᠢᠨ ᠳᠤ ᠪᠥᠷᠭᠥᠳᠴᠢᠨ ᠥᠬᠢᠨ ᠬᠡᠮᠡᠨ ᠠᠯᠳᠠᠷᠰᠢᠭᠰᠠᠨ ᠨ∙ᠠᠶᠢᠱᠤᠯᠫᠠᠨ ᠥᠪᠡᠷ ᠦᠨ ᠨᠡᠷᠡᠮᠵᠢᠲᠦ ᠰᠠᠩ ᠪᠠᠶᠢᠭᠤᠯᠵᠤ᠂ ᠭᠦᠢᠴᠡᠳᠭᠡᠬᠦ ᠵᠠᠬᠢᠷᠤᠯ ᠢᠶᠠᠷ ᠨᠢ ᠠᠵᠢᠯᠯᠠᠬᠤ ᠪᠠᠷ ᠪᠣᠯᠵᠠᠢ ᠃ ᠡᠨᠡ ᠲᠠᠯ᠎ᠠ ᠪᠠᠷ ᠥᠨᠥᠳᠥᠷ ᠠᠶᠢᠮᠠᠭ ᠤᠨ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠭᠠᠵᠠᠷ ᠲᠤ ᠠᠪᠤ᠂ ᠡᠵᠢ ᠲᠡᠢ ᠪᠡᠨ ᠬᠠᠮᠲᠤᠷᠠᠨ ᠬᠡᠪᠯᠡᠯ ᠦᠨ ᠪᠠᠭ᠎ᠠ ᠬᠤᠷᠠᠯ ᠬᠢᠵᠦ ᠂ ᠠᠯᠪᠠᠨ ᠶᠣᠰᠣᠭᠠᠷ ᠦᠢᠯᠡ ᠠᠵᠢᠯᠯᠠᠭ᠎ᠠ ᠪᠠᠨ ᠡᠬᠢᠯᠡᠭᠦᠯᠵᠦ ᠪᠠᠶᠢᠭ᠎ᠠ ᠶᠢ ᠵᠠᠷᠯᠠᠯ᠎ᠠ᠃ ᠰᠠᠩ ᠢᠶᠠᠷ ᠢᠶᠠᠨ ᠳᠠᠮᠵᠢᠭᠤᠯᠵᠤ ᠠᠮᠢᠵᠢᠷᠠᠭᠠᠨ ᠤ ᠲᠦᠪᠰᠢᠨ ᠳᠤᠭᠤᠤᠷ ᠠᠶᠢᠯ ᠡᠷᠦᠬᠡ ᠶᠢᠨ ᠬᠡᠦᠬᠡᠳ ᠦᠳ ᠲᠦ ᠰᠤᠷᠴᠤ ᠪᠣᠯᠪᠠᠰᠤᠷᠠᠬᠤ ᠳᠤ ᠨᠢ ᠳᠡᠮᠵᠢᠯᠭᠡ ᠦᠵᠡᠭᠦᠯᠬᠦ ᠦᠢᠯᠡ ᠠᠵᠢᠯᠯᠠᠭ᠎ᠠ ᠶᠠᠪᠤᠭᠤᠯᠬᠤ ᠶᠤᠮ᠃ ᠲᠤᠰ ᠰᠠᠩ ᠤᠨ ᠲᠡᠷᠢᠭᠦᠨ ᠢᠶᠡᠷ ᠲᠡᠭᠦᠨ ᠦ ᠠᠪᠤ ᠷ∙ᠨᠤᠷᠭᠠᠶᠢᠫ ᠠᠵᠢᠯᠯᠠᠬᠤ ᠠᠵᠠᠢ᠃ ᠲᠡᠷᠡ ᠪᠡᠷ ᠄ ᠠᠶᠢᠱᠤᠯᠫᠠᠨ ᠪᠠᠭ᠎ᠠ ᠠᠴᠠ ᠪᠠᠨ ᠶᠡᠬᠡ ᠲᠤᠰᠠᠷᠬᠠᠭ ᠬᠡᠦᠬᠡᠳ ᠪᠠᠶᠢᠭᠰᠠᠨ᠃ ᠮᠥᠨ ᠲᠣᠮᠣ ᠪᠣᠯᠤᠭᠠᠳ ᠠᠷᠠᠳ ᠲᠦᠮᠡᠨ ᠳᠦ ᠪᠡᠨ ᠲᠤᠰᠠ ᠪᠠᠨ ᠬᠦᠷᠭᠡᠳᠡᠭ ᠬᠦᠮᠦᠨ ᠪᠣᠯᠤᠨ᠎ᠠ ᠬᠡᠮᠡᠨ ᠮᠥᠷᠦᠭᠡᠳᠳᠡᠭ ᠪᠠᠶᠢᠯ᠎ᠠ᠃ ᠥᠨᠥᠳᠥᠷ ᠲᠡᠭᠦᠨ ᠦ ᠬᠦᠰᠡᠯ ᠮᠥᠷᠥᠭᠡᠳᠦᠯ ᠨᠢ ᠪᠡᠶᠡᠯᠡᠵᠦ ᠪᠠᠶᠢᠨ᠎ᠠ ᠬᠡᠮᠡᠯ᠎ᠡ᠃ ᠥᠩᠭᠡᠷᠡᠭᠰᠡᠨ ᠳᠣᠯᠣᠭ᠎ᠠ ᠬᠣᠨᠣᠭ ᠲᠤ ᠪᠠᠶᠠᠨ-ᠥᠯᠥᠭᠡᠢ ᠠᠶᠢᠮᠠᠭ ᠲᠤ ᠪᠣᠯᠤᠭᠰᠠᠨ ︽ᠪᠦᠷᠭᠦᠳ ᠦᠨ ᠪᠠᠶᠠᠷ︾ ᠠᠷᠭ᠎ᠠ ᠬᠡᠮᠵᠢᠶᠡᠨ ᠳᠦ 1000 ᠣᠷᠴᠢᠮ ᠭᠠᠳᠠᠭᠠᠳᠤ ᠶᠢᠨ ᠵᠢᠭᠤᠯᠴᠢᠨ ᠢᠷᠡᠵᠦ ᠰᠣᠨᠢᠷᠬᠠᠭᠰᠠᠨ ᠶᠤᠮ᠃ ᠠᠶᠢᠮᠠᠭ ᠤᠨ ᠪᠠᠶᠢᠭᠠᠯᠢ ᠣᠷᠴᠢᠨ ᠠᠶᠠᠯᠠᠯ ᠵᠢᠭᠤᠯᠴᠢᠯᠠᠯ ᠤᠨ ᠭᠠᠵᠠᠷ ᠠᠴᠠ ᠭᠠᠷᠭᠠᠭᠰᠠᠨ ᠰᠤᠳᠤᠯᠭ᠎ᠠ ᠪᠠᠷ ᠲᠤᠬᠠᠢ ᠶᠢᠨ ᠵᠢᠭᠤᠯᠴᠢᠳ ᠤᠨ 60 ᠭᠠᠷᠤᠢ ᠬᠤᠪᠢ ᠨᠢ ᠨ∙ᠠᠶᠢᠱᠤᠯᠫᠠᠨ ᠤ ᠲᠣᠭᠯᠠᠭᠰᠠᠨ The Eagle Huntress ᠪᠠᠷᠢᠮᠲᠠᠲᠤ ᠺᠢᠨᠤ᠋ ᠠᠴᠠ ᠪᠦᠷᠭᠦᠳ ᠦᠨ ᠲᠠᠯ᠎ᠠ ᠪᠠᠷ ᠮᠡᠳᠡᠭᠡᠯᠡᠯ ᠠᠪᠴᠤ ᠬᠦᠷᠦᠯᠴᠡᠨ ᠢᠷᠡᠵᠡᠢ᠃ ᠡᠶᠢᠮᠦ ᠳᠦ ᠮᠣᠩᠭᠣᠯ ᠣᠷᠣᠨ ᠪᠣᠯᠤᠨ ᠬᠠᠰᠠᠭ ᠤᠨ ᠪᠦᠷᠭᠦᠳ ᠢᠶᠡᠷ ᠠᠩ ᠠᠪᠠᠯᠠᠬᠤ ᠤᠷᠠᠯᠢᠭ ᠢ ᠳᠡᠯᠡᠬᠡᠢ ᠳᠦ ᠲᠠᠨᠢᠭᠤᠯᠤᠭᠰᠠᠨ ᠨ∙ᠠᠶᠢᠱᠤᠯᠫᠠᠨ ᠥᠬᠢᠨ ᠤ ᠨᠡᠷᠡᠮᠵᠢᠲᠦ ᠰᠠᠩ ᠬᠡᠦᠬᠡᠳ ᠪᠠᠭᠠᠴᠤᠳ ᠲᠤ ᠪᠣᠯᠪᠠᠰᠤᠷᠠᠯ ᠣᠯᠭᠣᠬᠤ ᠦᠢᠯᠡᠰ ᠲᠦ ᠴᠤ ᠲᠣᠮᠣᠬᠠᠨ ᠬᠤᠪᠢ ᠨᠡᠮᠡᠷᠢ ᠪᠡᠨ ᠤᠷᠤᠭᠤᠯᠬᠤ ᠪᠣᠯᠤᠨ᠎ᠠ ᠭᠡᠳᠡᠭ ᠢ ᠲᠤᠰ ᠰᠠᠩ ᠤᠨ ᠡᠭᠦᠰᠬᠡᠨ ᠪᠠᠶᠢᠭᠤᠯᠤᠭᠴᠢᠳ ᠤᠨ ᠨᠢᠭᠡ ᠱ∙ᠠᠶᠢᠽᠧᠷᠧ ᠣᠨᠴᠠᠯᠠᠵᠤ ᠪᠠᠶᠢᠨ᠎ᠠ᠃