ᠲᠠᠪᠤᠨᠲᠣᠯᠣᠭᠠᠢ ᠳᠤ ᠴᠠᠬᠢᠯᠭᠠᠨ ᠰᠲ᠋ᠠᠨᠼ ᠪᠠᠷᠢᠬᠤ ᠰᠢᠢᠳᠦᠯ ᠳᠦ ᠬᠦᠷᠴᠡᠢ | News.MN

ᠲᠠᠪᠤᠨᠲᠣᠯᠣᠭᠠᠢ ᠳᠤ ᠴᠠᠬᠢᠯᠭᠠᠨ ᠰᠲ᠋ᠠᠨᠼ ᠪᠠᠷᠢᠬᠤ ᠰᠢᠢᠳᠦᠯ ᠳᠦ ᠬᠦᠷᠴᠡᠢ

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠠᠴᠠ ᠭᠠᠷᠭᠠᠭᠰᠠᠨ ᠵᠠᠷᠢᠮ ᠰᠢᠢᠳᠪᠦᠷᠢ ᠶᠢᠨ ᠲᠠᠯ᠎ᠠ ᠪᠠᠷ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠭ∙ᠽᠠᠨᠳᠠᠨᠰᠢᠲᠠᠷ᠎ᠠ ᠮᠡᠳᠡᠭᠡᠯᠡᠯ ᠥᠭᠭᠦᠯ᠎ᠡ᠃ ᠲᠡᠷᠡ ᠪᠡᠷ᠄ ᠤᠭ᠍ᠶᠤᠲᠤᠯᠤᠭᠠᠢ ᠶᠢᠨ ᠭᠡᠷ᠎ᠡ ᠬᠡᠯᠡᠴᠡᠯ ᠢ ᠰᠠᠶᠢᠵᠢᠷᠠᠭᠤᠯᠬᠤ ᠵᠣᠷᠢᠯᠭ᠎ᠠ ᠪᠠᠷ 2018 ᠣᠨ ᠤ ᠨᠢᠭᠡᠳᠦᠭᠡᠷ ᠰᠠᠷ᠎ᠠ ᠠᠴᠠ ᠡᠬᠢᠯᠡᠨ ᠤᠭ᠍ᠶᠤᠲᠤᠯᠤᠭᠠᠢ ᠂ ᠷᠢᠤ᠋ ᠲᠢᠨᠲ᠋ᠤ᠋ ᠺᠣᠮᠫᠠᠨᠢ ᠲᠠᠢ ᠣᠯᠠᠨ ᠤᠳᠠᠭ᠎ᠠ ᠶᠢᠨ ᠶᠠᠷᠢᠶ᠎ᠠ ᠬᠡᠯᠡᠯᠴᠡᠭᠡ ᠶᠢ ᠬᠢᠯ᠎ᠡ᠃ ᠡᠭᠦᠨ ᠦ ᠦᠷ᠎ᠡ ᠳ᠋ᠦᠩ ᠳᠤ ᠮᠣᠩᠭᠣᠯ ᠤᠯᠤᠰ ᠤᠨ ᠠᠰᠢᠭ ᠬᠦᠷᠲᠡᠬᠦ ᠥᠭᠭᠦᠭᠡᠴᠢ ᠶᠢ ᠨᠠᠭᠠᠰᠢᠯᠠᠭᠤᠯᠬᠤ᠂ ᠡᠳ᠋ ᠍ ᠦᠨ ᠵᠠᠰᠠᠭ ᠤᠨ ᠳᠠᠷᠤᠮᠲᠠ ᠶᠢ ᠪᠠᠭᠤᠷᠠᠭᠤᠯᠬᠤ ᠭᠡᠰᠡᠨ ᠲᠠᠪᠤᠨ ᠦᠨᠳᠦᠰᠦᠨ ᠵᠠᠷᠴᠢᠮ ᠢᠶᠠᠷ ᠲᠣᠬᠢᠷᠠᠯᠴᠠᠵᠤ᠂  ᠬᠠᠷᠢᠯᠴᠠᠨ ᠣᠶᠢᠯᠠᠭᠠᠯᠴᠠᠯ ᠤᠨ ᠰᠠᠨᠠᠮᠵᠢ ᠪᠢᠴᠢᠭ ᠪᠠᠶᠢᠭᠤᠯᠬᠤ ᠰᠢᠢᠳᠦᠯ ᠳᠦ ᠬᠦᠷᠦᠭᠰᠡᠨ᠃ ᠢᠩᠭᠢᠭᠰᠡᠨ ᠢᠶᠡᠷ ᠤᠭ᠍ᠶᠤᠲᠤᠯᠤᠭᠠᠢ  ᠶᠢᠨ ᠭᠡᠷ᠎ᠡ ᠢᠯᠡᠭᠦᠦ ᠠᠰᠢᠭ ᠲᠠᠢ ᠪᠣᠯᠬᠤ ᠰᠠᠭᠤᠷᠢ ᠨᠥᠬᠥᠴᠡᠯ ᠪᠥᠷᠢᠳᠴᠦ ᠪᠠᠶᠢᠨ᠎ᠠ᠃
ᠮᠠᠨ ᠤ ᠤᠯᠤᠰ ᠤᠨ ᠡᠵᠡᠮᠰᠢᠵᠦ ᠪᠤᠢ ᠤᠭ᠍ᠶᠤᠲᠤᠯᠤᠭᠠᠢ  ᠶᠢᠨ 34 ᠬᠤᠪᠢ ᠨᠢ ᠬᠤᠪᠢ ᠨᠡᠶᠢᠯᠡᠭᠦᠯᠦᠭᠴᠢᠳ ᠦᠨ ᠵᠢᠭᠡᠯᠡ ᠪᠡᠷ ᠰᠠᠩᠬᠦᠦᠵᠢᠳᠡᠭ ᠃ ᠰᠠᠩᠬᠦᠦᠵᠢᠯᠲᠠ ᠶᠢᠨ  ᠭᠡᠷ᠎ᠡ ᠥᠨᠳᠥᠷ  ᠬᠦᠦ ᠲᠠᠢ ᠪᠠᠶᠢᠭᠰᠠᠨ᠃ ᠡᠨᠡ ᠵᠢᠭᠡᠯᠡ ᠶᠢᠨ ᠬᠦᠦ ᠶᠢ ᠪᠠᠭᠤᠷᠠᠭᠤᠯᠬᠤ ᠪᠠᠷ ᠪᠣᠯᠤᠯ᠎ᠠ᠃ ᠶᠠᠭ ᠬᠡᠳᠦᠨ  ᠬᠤᠪᠢ ᠪᠠᠷ ᠪᠠᠭᠤᠷᠠᠭᠤᠯᠬᠤ ᠪᠠᠨ ᠨᠠᠷᠢᠪᠴᠢᠯᠠᠨ ᠲᠣᠭᠲᠠᠭ᠎ᠠ ᠦᠭᠡᠢ ᠪᠠᠶᠢᠨ᠎ᠠ᠃ ᠬᠣᠶᠠᠳᠤᠭᠠᠷ ᠲᠤ᠂ ᠲᠠᠪᠤᠨᠲᠣᠯᠣᠭᠠᠢ ᠪᠣᠯᠤᠨ ᠤᠭ᠍ᠶᠤᠲᠤᠯᠤᠭᠠᠢ ᠳᠤ ᠴᠠᠬᠢᠯᠭᠠᠨ ᠰᠲ᠋ᠠᠨᠼ ᠪᠠᠷᠢᠬᠤ ᠠᠰᠠᠭᠤᠳᠠᠯ ᠮᠠᠷᠭᠤᠭᠠᠨ ᠲᠠᠢ ᠪᠠᠶᠢᠭᠰᠠᠨ᠃ ᠤᠭ᠍ᠶᠤᠲᠤᠯᠤᠭᠠᠢ ᠺᠣᠮᠫᠠᠨᠢ ᠵᠢᠯ ᠳᠦ ᠪᠡᠨ 150 ᠰᠠᠶ᠎ᠠ ᠣᠷᠴᠢᠮ ᠳ᠋ᠣᠯᠯᠠᠷ ᠤᠨ ᠡᠷᠴᠢᠮ ᠬᠦᠴᠦ ᠭᠠᠳᠠᠭᠠᠳᠤ ᠠᠴᠠ ᠢᠮᠫᠣᠷᠲᠯᠠᠵᠤ ᠠᠰᠢᠭᠯᠠᠵᠤ ᠪᠠᠶᠢᠨ᠎ᠠ᠃ ᠡᠶᠢᠮᠦ ᠡᠴᠡ ᠡᠷᠴᠢᠮ ᠬᠦᠴᠦ ᠶᠢ ᠳᠣᠲᠣᠭᠠᠳᠤ ᠠᠴᠠ ᠪᠠᠨ ᠠᠪᠬᠤ ᠱᠠᠭᠠᠷᠳᠠᠯᠭ᠎ᠠ  ᠪᠠᠶᠢᠨ᠎ᠠ᠃ ᠢᠩᠭᠢᠭᠡᠳ ᠴᠠᠬᠢᠯᠭᠠᠨ ᠰᠲ᠋ᠠᠨᠼ ᠢ ᠲᠠᠪᠤᠨᠲᠣᠯᠣᠭᠠᠢ ᠳᠤ ᠪᠠᠷᠢᠬᠤ ᠵᠠᠷᠴᠢᠮ ᠤᠨ ᠰᠢᠢᠳᠦᠯ ᠳᠦ  ᠬᠦᠷᠦᠯ᠎ᠡ ᠃ ᠤᠭ᠍ᠶᠤᠲᠤᠯᠤᠭᠠᠢ  ᠳᠤ ᠴᠤ ᠪᠠᠷᠢᠬᠤ ᠠᠰᠠᠭᠤᠳᠠᠯ ᠨᠢ ᠨᠡᠭᠡᠭᠡᠯᠲᠡ ᠲᠡᠢ᠃ ᠭᠤᠷᠪᠠᠳᠤᠭᠠᠷ ᠲᠤ᠂ ᠬᠥᠷᠥᠩᠭᠡ ᠣᠷᠣᠭᠤᠯᠤᠯᠲᠠ ᠶᠢᠨ ᠭᠡᠷ᠎ᠡ᠂ ᠳ᠋ᠤᠪᠠᠢ ᠶᠢᠨ ᠭᠡᠷ᠎ᠡ ᠵᠡᠷᠭᠡ ᠶᠢ ᠦᠨᠳᠦᠰᠦᠯᠡᠵᠦ ᠲᠠᠲᠠᠪᠤᠷᠢ ᠶᠢᠨ ᠮᠠᠷᠭᠤᠭᠠᠨ ᠲᠠᠢ ᠠᠰᠠᠭᠤᠳᠠᠯ ᠭᠠᠷᠤᠭᠰᠠᠨ ᠪᠠᠶᠢᠭᠰᠠᠨ᠃ ᠡᠭᠦᠨ ᠳᠦ ᠪᠢᠳᠡ 35 ᠰᠠᠶ᠎ᠠ ᠳ᠋ᠣᠯᠯᠠᠷ ᠤᠨ ᠲᠠᠲᠠᠪᠤᠷᠢ ᠲᠥᠯᠥᠭᠦᠯᠬᠦ ᠪᠡᠷ  ᠰᠢᠢᠳᠤᠯ᠎ᠡ ᠃ ᠨᠡᠶᠢᠲᠡ ᠶᠠᠷᠢᠭᠳᠠᠭᠠᠳ ᠪᠠᠶᠢᠭ᠎ᠠ ᠲᠠᠲᠠᠪᠤᠷᠢ ᠶᠢᠨ ᠠᠺᠲ ᠳᠡᠭᠡᠷ᠎ᠡ ᠰᠠᠨᠠᠯ ᠵᠦᠷᠢᠶ᠎ᠡ ᠲᠡᠢ ᠪᠠᠶᠢᠭ᠎ᠠ ᠤᠴᠢᠷ ᠠᠴᠠ ᠠᠷᠪᠢᠲ᠋ᠧᠷ ᠤᠨ ᠰᠢᠭᠦᠬᠦ ᠳᠡᠭᠡᠷ᠎ᠡ ᠡᠴᠦᠰ ᠦᠨ ᠰᠢᠢᠳᠪᠦᠷᠢ ᠶᠢ ᠭᠠᠷᠭᠠᠬᠤ ᠪᠣᠯᠤᠯᠴᠠᠭ᠎ᠠ ᠲᠠᠢ᠃ ᠨᠡᠶᠢᠲᠡ 150 ᠣᠷᠴᠢᠮ ᠰᠠᠶ᠎ᠠ ᠳ᠋ᠣᠯᠯᠠᠷ ᠤᠨ ᠲᠠᠲᠠᠪᠤᠷᠢ ᠶᠢᠨ ᠠᠰᠠᠭᠤᠳᠠᠯ ᠬᠥᠨᠳᠡᠭᠳᠡᠵᠦ ᠪᠠᠶᠢᠭ᠎ᠠ ᠶᠤᠮ ᠭᠡᠪᠡ᠃

ᠰᠡᠳᠬᠢᠭᠳᠡᠯ ᠦᠯᠡᠳᠡᠭᠡᠬᠦ