ᠨᠢᠰᠬᠦ ᠪᠠᠭᠤᠳᠠᠯ ᠳᠤ ᠰᠤᠯᠤᠩᠭᠤᠰ ᠢᠷᠭᠡᠨ ᠴᠦᠩᠬᠦ ᠪᠡᠨ ᠭᠡᠭᠡᠵᠡᠢ | News.MN

ᠨᠢᠰᠬᠦ ᠪᠠᠭᠤᠳᠠᠯ ᠳᠤ ᠰᠤᠯᠤᠩᠭᠤᠰ ᠢᠷᠭᠡᠨ ᠴᠦᠩᠬᠦ ᠪᠡᠨ ᠭᠡᠭᠡᠵᠡᠢ

ᠢᠷᠭᠡᠨ ᠦ ᠨᠢᠰᠬᠦ ᠶᠢᠨ ᠶᠡᠷᠦᠩᠬᠡᠢ ᠭᠠᠵᠠᠷ ᠤᠨ ᠬᠠᠷᠢᠶ᠎ᠠ ᠨᠢᠰᠬᠦ ᠪᠠᠭᠤᠳᠠᠯ ᠤᠳ ᠤᠨ ᠤᠳᠤᠷᠢᠳᠬᠤ ᠭᠠᠵᠠᠷ ᠤᠨ ᠠᠶᠤᠯ ᠦᠭᠡᠢ ᠪᠠᠶᠢᠳᠠᠯ᠂ ᠬᠠᠮᠠᠭᠠᠯᠠᠯᠲᠠ ᠶᠢᠨ ᠠᠯᠪᠠᠨ ᠤ ᠠᠵᠢᠯᠲᠠᠨ ᠨᠤᠭᠤᠳ ᠥᠴᠥᠭᠡᠳᠦᠷ ᠤᠯᠠᠭᠠᠨᠪᠠᠭᠠᠲᠤᠷ ᠰᠸᠦ᠋ᠯ ᠦᠨ ᠴᠢᠭᠯᠡᠯ ᠦᠨ ᠨᠢᠰᠦᠯᠭᠡ ᠪᠡᠷ ᠵᠣᠷᠴᠢᠬᠤ ᠭᠠᠳᠠᠭᠠᠳᠤ ᠶᠢᠨ ᠢᠷᠭᠡᠨ ᠦ ᠭᠡᠭᠡᠭᠰᠡᠨ ᠶᠡᠬᠡ ᠬᠡᠮᠵᠢᠶᠡᠨ ᠦ ᠸᠠᠯᠢᠶᠤᠲ᠂ ᠡᠳ᠋ ᠵᠦᠢᠯᠡᠰ ᠢ ᠢᠯᠡᠷᠡᠭᠦᠯᠵᠦ ᠡᠵᠡᠨ ᠳᠦ ᠨᠢ ᠬᠦᠯᠢᠶᠡᠯᠭᠡᠨ ᠥᠭᠴᠡᠢ᠃ ᠴᠦᠩᠬᠦᠨ ᠦ ᠡᠵᠡᠨ ᠨᠢ ᠤᠯᠠᠭᠠᠨᠪᠠᠭᠠᠲᠤᠷ ᠠᠴᠠ ᠰᠸᠦ᠋ᠯ ᠦᠨ ᠴᠢᠭᠯᠡᠯ ᠦᠨ ᠵᠣᠷᠴᠢᠭᠴᠢ ᠪᠦᠭᠦᠳᠡ ᠨᠠᠶᠢᠷᠠᠮᠳᠠᠬᠤ ᠰᠤᠯᠣᠩᠭᠤᠰ ᠤᠯᠤᠰ ᠍ ᠤᠨ ᠢᠷᠭᠡᠨ ᠪᠠᠶᠢᠭᠰᠠᠨ ᠪᠥᠭᠡᠳ ᠴᠦᠩᠬᠦ ᠳᠦ 5230.ᠳ᠋ᠣᠯᠯᠠᠷ᠂ ᠪᠢᠴᠢᠭ ᠪᠠᠷᠢᠮᠲᠠ ᠶᠢᠨ ᠬᠠᠮᠲᠤ ᠪᠠᠶᠢᠵᠠᠢ᠃ ᠨᠢᠰᠬᠦ ᠪᠠᠭᠤᠳᠠᠯ ᠤᠨ ᠨᠡᠶᠢᠲᠡ ᠶᠢᠨ ᠡᠵᠡᠮᠰᠢᠯ ᠦᠨ ᠪᠥᠰᠡ ᠳᠦ ᠦᠵᠡᠯᠭᠡ ᠰᠢᠯᠭᠠᠯᠲᠠ ᠬᠢᠬᠦ ᠶᠠᠪᠤᠴᠠ ᠳᠤ ᠡᠳᠦᠷ ᠪᠦᠷᠢ ᠲᠣᠭᠲᠠᠮᠠᠯ 2-3 ᠵᠥᠷᠢᠴᠡᠯ ᠢᠯᠡᠷᠡᠳᠡᠭ᠃
ᠵᠣᠷᠴᠢᠭᠴᠢ ᠪᠣᠯᠤᠨ ᠨᠢᠰᠬᠦ ᠪᠠᠭᠤᠳᠠᠯ ᠢᠶᠠᠷ ᠦᠢᠯᠡᠴᠢᠯᠡᠭᠦᠯᠦᠭᠴᠢ ᠢᠷᠭᠡᠳ ᠭᠠᠷ ᠴᠦᠩᠬᠦ᠂ ᠲᠡᠭᠡᠭᠡᠰᠢ᠂ ᠭᠠᠷ ᠤᠲᠠᠰᠤ᠂ ᠲᠦᠷᠡᠶᠢᠪᠴᠢ᠂ ᠵᠥᠭᠡᠭᠡᠪᠦᠷᠢ ᠶᠢᠨ ᠺᠤᠮᠫᠢᠦ᠋ᠲᠸᠷ ᠵᠡᠷᠭᠡ ᠡᠳ᠋ ᠵᠦᠢᠯᠡᠰ ᠢᠶᠡᠨ ᠣᠷᠬᠢᠵᠤ᠂ ᠭᠡᠭᠡᠭᠳᠡᠭᠦᠯᠳᠡᠭ ᠭᠡᠵᠦ ᠢᠷᠭᠡᠨ ᠦ ᠨᠢᠰᠬᠦ ᠶᠢᠨ ᠶᠡᠷᠦᠩᠬᠡᠢ ᠭᠠᠵᠠᠷ ᠤᠨ ᠬᠠᠷᠢᠶ᠎ᠠ ᠨᠢᠰᠬᠦ ᠪᠠᠭᠤᠳᠠᠯ ᠤᠳ ᠤᠨ ᠤᠳᠤᠷᠢᠳᠬᠤ ᠭᠠᠵᠠᠷ ᠤᠨ ᠠᠶᠤᠯ ᠦᠭᠡᠢ ᠪᠠᠶᠢᠳᠠᠯ᠂ ᠬᠠᠮᠠᠭᠠᠯᠠᠯᠲᠠ ᠶᠢᠨ ᠠᠯᠪᠠᠨ ᠤ ᠠᠵᠢᠯᠲᠠᠨ ᠨᠤᠭᠤᠳ ᠬᠡᠯᠡᠵᠦ ᠪᠠᠶᠢᠪᠠ᠃

ᠰᠡᠳᠬᠢᠭᠳᠡᠯ ᠦᠯᠡᠳᠡᠭᠡᠬᠦ