ᠲᠠᠶᠢᠺᠸᠠᠨᠳᠤ᠋ ᠶᠢᠨ ᠲᠡᠮᠡᠴᠡᠭᠡᠨ ᠮᠤᠩᠭᠤᠯ ᠳᠤ ᠪᠤᠯᠤᠨ᠎ᠠ | News.MN

ᠲᠠᠶᠢᠺᠸᠠᠨᠳᠤ᠋ ᠶᠢᠨ ᠲᠡᠮᠡᠴᠡᠭᠡᠨ ᠮᠤᠩᠭᠤᠯ ᠳᠤ ᠪᠤᠯᠤᠨ᠎ᠠ

ᠮᠠᠨ ᠤ ᠤᠯᠤᠰ ᠲᠤ ᠠᠩᠬ᠎ᠠ ᠤᠳᠠᠭ᠎ᠠ Kimunyong 2018 MONGOLIA OPEN ᠲᠠᠶᠢᠺᠸᠠᠨᠳᠤ᠋ ᠶᠢᠨ ᠣᠯᠠᠨ ᠤᠯᠤᠰ ᠤᠨ ᠲᠡᠮᠡᠴᠡᠭᠡᠨ ᠡᠨᠡ ᠰᠠᠷ᠎ᠠ ᠶᠢᠨ 20-21 ᠍ ᠳᠦ ᠬᠠᠨᠳᠠᠭᠠᠶᠢᠲᠤ᠂ ᠣᠯᠢᠮᠫ ᠴᠣᠭᠴᠠᠯᠠᠪᠤᠷᠢ ᠳᠤ ᠪᠣᠯᠬᠤ ᠭᠡᠵᠦ ᠪᠠᠶᠢᠨ᠎ᠠ᠃ ᠲᠡᠮᠡᠴᠡᠭᠡᠨ ᠳᠦ  ᠪᠦᠭᠦᠳᠡ ᠨᠠᠶᠢᠷᠠᠮᠳᠠᠬᠤ ᠰᠤᠯᠤᠩᠭᠤᠰ ᠤᠯᠤᠰ᠂ ᠶᠠᠫᠣᠨ᠂ ᠣᠷᠣᠰ᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂  ᠬᠠᠰᠠᠺᠰᠲ᠋ᠠᠨ ᠂ ᠦᠽᠪᠸᠺᠰᠲ᠋ᠠᠨ᠂  ᠲᠠᠶᠢᠯᠠᠨᠳ᠋ ᠂  ᠲᠠᠶᠢᠸᠠᠨ᠂  ᠬᠤᠩᠺᠤᠩ ᠵᠡᠷᠭᠡ 10 ᠭᠠᠷᠤᠢ ᠤᠯᠤᠰ ᠤᠨ ᠪᠠᠭ ᠲᠠᠮᠢᠷᠴᠢᠳ ᠣᠷᠣᠯᠴᠠᠬᠤ ᠪᠠᠷ ᠮᠡᠳᠡᠭᠦᠯᠭᠡ ᠪᠡᠨ ᠢᠷᠡᠭᠦᠯᠵᠡᠢ᠃
ᠲᠡᠮᠡᠴᠡᠭᠡᠨ ᠪᠠᠭ᠎ᠠ ᠨᠠᠰᠤ᠂ ᠥᠰᠪᠦᠷᠢ ᠦᠶ᠎ᠡ᠂ ᠵᠠᠯᠠᠭᠤᠴᠤᠳ ᠭᠡᠰᠡᠨ ᠨᠠᠰᠤᠨ ᠤ ᠠᠩᠭᠢᠯᠠᠯ ᠢᠶᠠᠷ ᠭᠠᠭᠴᠠᠭᠠᠷᠴᠢᠯᠠᠭᠰᠠᠨ ᠪᠣᠯᠤᠨ ᠪᠠᠭ ᠤᠨ ᠲᠤᠯᠤᠭᠠᠨ ᠲᠥᠷᠥᠯ ᠢᠶᠡᠷ ᠶᠠᠪᠤᠭᠳᠠᠨ᠎ᠠ᠃ ᠤᠭ ᠲᠡᠮᠡᠴᠡᠭᠡᠨ ᠳᠦ ᠮᠣᠩᠭᠣᠯ ᠤᠨ ᠲᠠᠶᠢᠺᠸᠠᠨᠳᠤ᠋ ᠶᠢᠨ ᠬᠣᠯᠪᠣᠭᠠᠨ ᠤ ᠬᠣᠲᠠ᠂ ᠠᠶᠢᠮᠠᠭ ᠣᠷᠣᠨ ᠨᠤᠲᠤᠭ ᠤᠨ ᠰᠠᠯᠪᠤᠷᠢ ᠬᠣᠯᠪᠣᠭᠠᠳ ᠤᠨ ᠰᠢᠯᠢᠳᠡᠭ 500 ᠭᠠᠷᠤᠢ ᠲᠠᠮᠢᠷᠴᠢᠨ ᠬᠤᠷᠳᠤ ᠬᠦᠴᠦ ᠠᠪᠬᠠᠯᠵᠢ ᠰᠠᠮᠪᠠᠭ᠎ᠠ ᠪᠠᠨ ᠰᠣᠷᠢᠬᠤ ᠶᠤᠮ᠃ ᠮᠣᠩᠭᠣᠯ ᠤᠯᠤᠰ ᠲᠤ ᠠᠩᠬ᠎ᠠ ᠤᠳᠠᠭ᠎ᠠ ᠪᠣᠯᠵᠤ ᠪᠤᠢ ᠡᠨᠡᠬᠦ ᠣᠯᠠᠨ ᠤᠯᠤᠰ ᠤᠨ ᠲᠡᠮᠡᠴᠡᠭᠡᠨ ᠢ ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠵᠤ ᠤᠯᠠᠮ ᠢᠶᠠᠷ ᠣᠯᠢᠮᠫ ᠤᠨ ᠡᠷᠬᠡ ᠶᠢᠨ ᠣᠨᠣᠭ᠎ᠠ ᠣᠯᠭᠣᠬᠤ ᠲᠡᠮᠡᠴᠡᠭᠡᠨ ᠪᠣᠯᠭᠠᠬᠤ ᠵᠣᠷᠢᠯᠭ᠎ᠠ ᠲᠠᠢ ᠪᠠᠶᠢᠭ᠎ᠠ ᠭᠡᠳᠡᠭ ᠢ ᠵᠣᠬᠢᠶᠠᠨ ᠪᠠᠶᠢᠭᠤᠯᠤᠭᠴᠢᠳ  ᠣᠨᠴᠠᠯᠠᠵᠠᠢ᠃

ᠰᠡᠳᠬᠢᠭᠳᠡᠯ ᠦᠯᠡᠳᠡᠭᠡᠬᠦ