ᠮᠣᠩᠭᠣᠯ ᠭᠡᠷ ᠡᠺᠰᠫᠣᠷᠲ ᠤᠨ ᠨᠢᠭᠡ ᠡᠬᠢ ᠡᠭᠦᠰᠪᠦᠷᠢ ᠪᠣᠯᠵᠤ ᠪᠠᠶᠢᠨ᠎ᠠ | News.MN

ᠮᠣᠩᠭᠣᠯ ᠭᠡᠷ ᠡᠺᠰᠫᠣᠷᠲ ᠤᠨ ᠨᠢᠭᠡ ᠡᠬᠢ ᠡᠭᠦᠰᠪᠦᠷᠢ ᠪᠣᠯᠵᠤ ᠪᠠᠶᠢᠨ᠎ᠠ

ᠮᠠᠨ ᠤ ᠤᠯᠤᠰ ᠵᠢᠯ ᠳᠦ ᠬᠣᠶᠠᠷ ᠮᠢᠩᠭ᠎ᠠ ᠭᠠᠷᠤᠢ ᠢᠵᠢ ᠪᠦᠷᠢᠨ ᠮᠣᠩᠭᠣᠯ ᠭᠡᠷ ᠡᠺᠰᠫᠣᠷᠲᠯᠠᠵᠤ᠂ 6000 ᠣᠷᠴᠢᠮ ᠭᠡᠷ ᠢ ᠳᠣᠲᠣᠭᠠᠳᠤ ᠶᠢᠨ ᠵᠠᠬ᠎ᠠ ᠵᠡᠭᠡᠯᠢ ᠳᠦ ᠦᠢᠯᠡᠳᠪᠦᠷᠢᠯᠡᠨ ᠨᠡᠶᠢᠯᠡᠭᠦᠯᠵᠦ ᠪᠠᠶᠢᠭ᠎ᠠ ᠲᠠᠯ᠎ᠠ ᠪᠠᠷ ᠮᠣᠩᠭᠣᠯ ᠭᠡᠷ ᠦᠢᠯᠡᠳᠪᠦᠷᠢᠯᠡᠭᠴᠢᠳ ᠦᠨ ᠨᠢᠭᠡᠳᠦᠭᠰᠡᠨ ᠬᠣᠯᠪᠣᠭᠠᠨ ᠤ ᠲᠡᠷᠢᠭᠦᠨ ᠳ∙ᠣᠳᠬᠣᠨᠫᠦᠷᠪᠦ ᠬᠡᠯᠡᠵᠦ ᠪᠠᠶᠢᠨ᠎ᠠ᠃
ᠲᠡᠭᠦᠨ ᠦ ᠬᠡᠯᠡᠭᠰᠡᠨ ᠢᠶᠡᠷ ᠥᠨᠥᠳᠥᠷ ᠮᠣᠩᠭᠣᠯ ᠭᠡᠷ ᠦᠢᠯᠡᠳᠪᠦᠷᠢᠯᠡᠯ ᠦᠨ ᠴᠢᠭᠯᠡᠯ ᠢᠶᠡᠷ 《ᠬᠠᠩᠭᠠᠢ ᠭᠡᠷ》᠂ 《ᠳᠡᠭᠡᠳᠦᠰ ᠦᠨ ᠭᠡᠷ》᠂ 《ᠬᠠᠯᠬ᠎ᠠ ᠭᠡᠷ ᠬᠤᠵᠢᠷᠲᠤ》᠂ 《ᠮᠣᠩᠭᠣᠯ ᠭᠡᠷ ᠬᠤᠵᠢᠷᠲᠤ》᠂ 《ᠵᠡᠭᠦᠨ ᠰᠠᠶᠢᠨ》᠂ 《ᠲᠩᠷᠢᠯᠢᠭ ᠥᠷᠭᠥᠭᠡ》᠂ 《ᠡᠪᠦᠭᠡ ᠳᠡᠭᠡᠳᠦᠰ ᠦᠨ ᠭᠡᠷ》᠂ 《ᠬᠣᠷᠯᠣ ᠥᠷᠭᠥᠭᠡ》᠂ 《ᠶᠡᠬᠡ ᠥᠷᠭᠥᠭᠡ》᠂ 《ᠮᠣᠩᠭᠣᠯ ᠭᠡᠷ》᠂ 《ᠥᠨᠢ ᠮᠣᠩᠭᠣᠯ ᠭᠡᠷ》᠂ 《 ᠪᠠᠲᠤ ᠳᠡᠯᠭᠡᠷᠡᠬᠦ》᠂ 《ᠮᠥᠩᠭᠥᠨ ᠭᠡᠷ》᠂ 《ᠤᠶᠠᠩᠭ᠎ᠠ ᠶᠢᠨ ᠭᠤᠷᠪᠠᠨ ᠡᠷᠳᠡᠨᠢ》᠂ 《ᠤᠳᠤᠨᠸᠠᠷᠠ ᠡᠷᠳᠡᠨᠢ》᠂ 《ᠤᠶᠠᠩᠭ᠎ᠠ ᠬᠢᠴᠡ》᠂ 《ᠰᠡᠯᠨᠡᠨ》 ᠵᠡᠷᠭᠡ 150 ᠭᠠᠷᠤᠢ  ᠠᠵᠤ ᠠᠬᠤᠢ ᠶᠢᠨ ᠨᠢᠭᠡᠴᠢ ᠂ ᠢᠷᠭᠡᠨ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃ ᠡᠳᠡᠭᠡᠷ ᠺᠣᠮᠫᠠᠨᠢ᠂ ᠬᠤᠪᠢ ᠬᠦᠮᠦᠨ ᠠᠶᠠᠨ ᠤ᠂ ᠣᠲᠣᠷ ᠤᠨ᠂ ᠮᠠᠯᠴᠢᠳ ᠤᠨ᠂ ᠠᠭᠤᠯᠠ ᠠᠭᠤᠷᠬᠠᠢ᠂ ᠵᠠᠮ ᠪᠠᠷᠢᠯᠭ᠎ᠠ ᠶᠢᠨ ᠠᠵᠢᠯᠴᠢᠳ ᠤᠨ᠂ ᠵᠢᠭᠤᠯᠴᠢᠨ ᠤ  ᠪᠠᠭᠠᠽ ᠤᠨ ᠂ ᠬᠣᠲᠠ ᠰᠠᠭᠤᠷᠢᠨ ᠭᠠᠵᠠᠷ ᠤᠨ᠂ ᠷᠧᠰᠲ᠋ᠣᠷᠠᠨ ᠬᠦᠯᠢᠶᠡᠨ ᠠᠪᠤᠯᠲᠠ᠂ ᠬᠦᠨᠳᠦᠳᠬᠡᠯ ᠦᠨ᠂ ᠡᠺᠰᠫᠣᠷᠲ ᠤᠨ᠂ ᠲᠣᠭᠯᠠᠭᠠᠮ ᠪᠡᠯᠡᠭ ᠳᠤᠷᠠᠰᠬᠠᠯ ᠤᠨ ᠭᠡᠰᠡᠨ 10 ᠭᠠᠷᠤᠢ ᠲᠥᠷᠥᠯ ᠦᠨ᠂ 3 ᠬᠠᠨᠠᠲᠤ ᠠᠴᠠ 32 ᠬᠠᠨ᠎ᠠ ᠲᠠᠢ ᠵᠣᠷᠢᠭᠤᠯᠤᠯᠲᠠ ᠶᠢᠨ ᠭᠡᠷ ᠦᠢᠯᠡᠳᠪᠦᠷᠢᠯᠡᠵᠦ ᠪᠠᠶᠢᠨ᠎ᠠ᠃ ᠴᠢᠨᠠᠭᠰᠢᠳᠠ ᠭᠡᠷ ᠦᠨ ᠦᠢᠯᠡᠳᠪᠦᠷᠢ ᠨᠦᠭᠦᠳ ᠲᠦ ᠳᠡᠪᠰᠢᠯᠲᠡᠲᠦ ᠲᠧᠭᠨᠣᠯᠣᠭᠢ ᠨᠡᠪᠲᠡᠷᠡᠭᠦᠯᠬᠦ᠂ ᠥᠭᠡᠷ᠎ᠡ ᠮᠠᠲ᠋ᠧᠷᠢᠶᠠᠯ ᠢᠶᠠᠷ ᠣᠷᠣᠯᠠᠭᠤᠯᠤᠨ ᠬᠢᠬᠦ᠂ ᠰᠠᠭᠤᠷᠢᠨ ᠪᠣᠯᠤᠨ ᠨᠡᠭᠦᠳᠡᠯ ᠦᠨ ᠰᠢᠨᠵᠢ ᠪᠠᠶᠢᠳᠠᠯ ᠳᠤ ᠲᠣᠬᠢᠷᠠᠭᠰᠠᠨ ᠭᠡᠷ ᠦᠨ ᠰᠢᠨ᠎ᠡ ᠵᠠᠭᠪᠤᠷ᠂ ᠬᠡᠷᠡᠭᠯᠡᠭᠡᠨ ᠦ ᠰᠢᠨ᠎ᠡ ᠰᠢᠢᠳᠦᠯ ᠢ ᠪᠤᠢ ᠪᠣᠯᠭᠠᠬᠤ᠂ ᠮᠣᠩᠭᠣᠯ ᠭᠡᠷ ᠦᠨ ᠥᠪᠡᠷᠮᠢᠴᠡ ᠬᠡᠪ ᠰᠢᠨᠵᠢ ᠶᠢ ᠣᠯᠠᠨ ᠤᠯᠤᠰ ᠲᠤ ᠰᠤᠷᠲᠠᠯᠴᠢᠯᠠᠵᠤ᠂ ᠡᠺᠰᠫᠣᠷᠲ ᠢ ᠥᠰᠬᠡᠬᠦ ᠱᠠᠭᠠᠷᠳᠠᠯᠭ᠎ᠠ ᠲᠠᠢ᠃ ᠢᠩᠭᠢᠭᠰᠡᠨ ᠢᠶᠡᠷ ᠵᠢᠯ ᠳᠦ 20 ᠮᠢᠩᠭ᠎ᠠ ᠣᠷᠴᠢᠮ ᠭᠡᠷ ᠦᠢᠯᠡᠳᠪᠦᠷᠢᠯᠡᠵᠦ᠂ ᠡᠺᠰᠫᠣᠷᠲᠯᠠᠬᠤ ᠪᠣᠯᠤᠮᠵᠢ ᠲᠠᠢ ᠭᠡᠵᠦ ᠦᠵᠡᠳᠡᠭ᠃ ᠳᠡᠯᠡᠬᠡᠢ ᠶᠢᠨ ᠤᠯᠤᠰ ᠣᠷᠣᠨ ᠨᠤᠭᠤᠳ᠂ ᠠᠷᠠᠳ ᠢᠷᠭᠡᠳ ᠮᠣᠩᠭᠣᠯ ᠭᠡᠷ ᠢ ᠤᠯᠠᠮ ᠶᠡᠬᠡ ᠪᠡᠷ ᠰᠣᠨᠢᠷᠬᠠᠬᠤ ᠪᠣᠯᠵᠤ᠂ ᠪᠠᠷᠢᠵᠤ ᠠᠰᠢᠭᠯᠠᠬᠤ ᠳᠤ ᠬᠢᠯᠪᠠᠷ ᠪᠠᠶᠢᠳᠠᠭ ᠲᠤᠯᠠ ᠪᠠᠶᠢᠭᠠᠯᠢ ᠴᠠᠭ ᠠᠭᠤᠷ ᠤᠨ ᠭᠠᠮᠰᠢᠭ ᠤᠨ ᠦᠶ᠎ᠡ ᠳᠦ ᠬᠡᠷᠡᠭᠯᠡᠬᠦ ᠳᠦ ᠨᠡᠩ ᠲᠣᠬᠢᠷᠠᠮᠵᠢᠲᠠᠢ ᠭᠡᠳᠡᠭ ᠢᠶᠡᠷ ᠨᠢ ᠰᠠᠶᠢᠰᠢᠶᠠᠵᠤ ᠪᠠᠶᠢᠨ᠎ᠠ᠃ ᠮᠣᠩᠭᠣᠯ ᠭᠡᠷ ᠦᠨ ᠡᠷᠢᠯᠲᠡ ᠬᠡᠷᠡᠭᠴᠡᠭᠡ ᠶᠢ ᠳᠠᠭᠠᠨ ᠡᠶᠡᠷᠭᠦ ᠰᠥᠷᠭᠦ ᠦᠷ᠎ᠡ ᠳᠠᠭᠠᠪᠤᠷᠢ ᠲᠠᠢ ᠦᠢᠯᠡ ᠠᠵᠢᠯᠯᠠᠭ᠎ᠠ ᠢᠳᠡᠪᠬᠢᠵᠢᠬᠦ ᠪᠣᠯᠤᠯ᠎ᠠ᠃ ᠹᠷᠠᠨᠼᠢ᠂ ᠫᠤᠯᠠᠨᠳ᠋᠂ ᠺᠠᠨᠠᠳᠠ ᠵᠡᠷᠭᠡ ᠤᠯᠤᠰ ᠲᠤ ᠮᠣᠩᠭᠣᠯ ᠭᠡᠷ ᠢ ᠳᠠᠮᠵᠢᠭᠤᠯᠤᠨ ᠪᠣᠷᠣᠯᠠᠭᠤᠯᠳᠠᠭ ᠰᠦᠯᠵᠢᠶ᠎ᠡ ᠪᠤᠢ ᠪᠣᠯᠵᠠᠢ᠃ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠣᠷᠣᠰ ᠬᠣᠯᠪᠣᠭᠠᠨ ᠤ ᠤᠯᠤᠰ ᠤᠨ ᠺᠣᠮᠫᠠᠨᠢ ᠨᠤᠭᠤᠳ ᠮᠣᠩᠭᠣᠯ ᠭᠡᠷ ᠤᠷᠠᠯᠠᠭᠠᠴᠢᠳ ᠢ ᠤᠷᠢᠵᠤ ᠭᠡᠷ ᠬᠢᠯᠭᠡᠬᠦ᠂ ᠵᠥᠪᠰᠢᠶᠡᠷᠡᠯ ᠦᠭᠡᠢ ᠪᠡᠷ ᠭᠡᠷ ᠦᠢᠯᠡᠳᠪᠦᠷᠢᠯᠡᠨ ᠪᠣᠷᠣᠯᠠᠭᠤᠯᠬᠤ ᠶᠠᠪᠤᠳᠠᠯ ᠭᠠᠭᠠᠷᠠᠵᠤ ᠪᠠᠶᠢᠭ᠎ᠠ ᠲᠠᠯ᠎ᠠ ᠪᠠᠷ ᠮᠣᠩᠭᠣᠯ ᠭᠡᠷ ᠦᠢᠯᠡᠳᠪᠦᠷᠢᠯᠡᠭᠴᠢᠳ ᠦᠨ ᠨᠢᠭᠡᠳᠦᠭᠰᠡᠨ ᠬᠣᠯᠪᠣᠭᠠᠨ ᠠᠴᠠ ᠮᠡᠳᠡᠭᠳᠡᠯ᠎ᠡ᠃

ᠰᠡᠳᠬᠢᠭᠳᠡᠯ ᠦᠯᠡᠳᠡᠭᠡᠬᠦ